MN
Хаах
MN

ᠪᠠᠷᠠᠭᠤᠨ ᠪᠦᠰᠡ ᠳ᠋ᠦ ᠰᠡᠷᢉᠦᢉᠡᢉᠳᠡᢈᠦ ᠡᠷᠴᠢᠮ ᢈᠦᠴᠦᠨ ᠦ᠋ ᠨᠠᠷᠠᠨ ᠤ᠋ ᠴᠠᢈᠢᠯᠭᠠᠨ ᠰᠲ᠋ᠠᠨ᠋ᠼ ᠪᠠᠷᠢᠬᠤ ᢉᠡᠷ᠎ᠡ ᠳ᠋ᠦ ᠭᠠᠷ ᠤ᠋ᠨ ᠦᠰᠦᢉ ᠵᠢᠷᠤᠯ᠎ᠠ

A- A A+
ᠪᠠᠷᠠᠭᠤᠨ ᠪᠦᠰᠡ ᠳ᠋ᠦ ᠰᠡᠷᢉᠦᢉᠡᢉᠳᠡᢈᠦ ᠡᠷᠴᠢᠮ ᢈᠦᠴᠦᠨ ᠦ᠋ ᠨᠠᠷᠠᠨ ᠤ᠋ ᠴᠠᢈᠢᠯᠭᠠᠨ ᠰᠲ᠋ᠠᠨ᠋ᠼ ᠪᠠᠷᠢᠬᠤ ᢉᠡᠷ᠎ᠡ ᠳ᠋ᠦ ᠭᠠᠷ ᠤ᠋ᠨ ᠦᠰᠦᢉ ᠵᠢᠷᠤᠯ᠎ᠠ

ᠡᠷᠴᠢᠮ ᢈᠦᠴᠦᠨ ᠦ᠋ ᠶᠠᠮᠤᠨ ᠠ᠋ᠴᠠ ᠠᠽᠢ ᠶ᠋ᠢᠨ ᢈᠥᢉᠵᠢᠯ ᠦ᠋ᠨ ᠪᠠᠩᠻᠢ ᠶ᠋ᠢᠨ ᠰᠠᠩᢈᠦᠵᠢᠯᠲᠡ ᠪᠡᠷ ᢈᠡᠷᠡᢉᠵᠢᢉᠦᠯᠵᠦ ᠪᠤᠢ “ᠰᠡᠷᢉᠦᢉᠡᢉᠳᠡᢈᠦ ᠡᠷᠴᠢᠮ ᢈᠦᠴᠦ ᠶ᠋ᠢ ᠨᠡᠮᠡᢉᠳᠡᢉᠦᠯᢈᠦ ᠲᠥᠰᠦᠯ”᠆ᠶ᠋ᠢᠨ ᢈᠦᠷᠢᠶᠡᠨ ᠳ᠋ᠦ ᠬᠣᠪᠳᠤ ᠠᠶᠢᠮᠠᠭ ᠤ᠋ᠨ ᠮᠢᠩᠭᠠᠳ ᠰᠤᠮᠤᠨ ᠳ᠋ᠤ ᠑᠙᠂᠘ ᠮᠸᠲ ᢈᠦᠴᠦᠨ ᠴᠢᠳᠠᠯᠲᠠᠢ ᠨᠠᠷᠠᠨ ᠤ᠋ ᠴᠠᢈᠢᠯᠭᠠᠨ ᠰᠲ᠋ᠠᠨ᠋ᠼ᠂᠘ ᠮᠸᠲ᠃ ᠴ ᠪᠠᠭᠲᠠᠭᠠᠮᠵᠢ ᠪᠦᢈᠦᠢ ᠪᠠᠲ᠋ᠠᠷᠧᠢ ᠬᠤᠷᠠᠮᠲᠤᠯᠠᠭᠤᠷ ᠲᠠᠢ ᠪᠠᠷ ᠪᠠᠷᠢᠬᠤ ᠲᠦᠯᢈᠢᢉᠦᠷ ᠭᠠᠷᠳᠠᠭᠤᠯᠬᠤ ᠨᠥᢈᠦᠴᠡᠯ ᠲᠡᠢ ᠠᠵᠢᠯ ᠤ᠋ᠨ ᢉᠦᠶᠢᠴᠡᠳᢈᠡᢉᠴᠢ ᠪᠡᠷ ᠲᠧᢈᠨᠢᠻ ᠦ᠋ᠨ ᠱᠠᠭᠠᠷᠳᠠᠯᠭ᠎ᠠ ᠬᠠᠩᠭᠠᠵᠤ ᠬᠠᠮᠤᠭ ᠤ᠋ᠨ ᠪᠠᠭ᠎ᠠ ᠦᠨ᠎ᠡ ᠶ᠋ᠢᠨ ᠰᠠᠨᠠᠯ ᠢᠷᠡᢉᠦᠯᠵᠦ ᠰᠢᠯᠭᠠᠷᠠᠭᠰᠠᠨ ᠪᠦ‍᠂ᠨᠠ‍᠂ᠬᠣ‍᠂ᠠ‍᠂ᠤ‍᠆ᠤ᠋ᠨ “ᠵᠣᠩᢉᠲ᠋ᠢᠶᠠᠨ ᠹᠣᠲ᠋ᠣᠸᠣᠯᠲ᠋ᠢᠠᠻ ᠲᠧᢈᠨᠣᠯᠣᢉᠢ” ᠻᠣᠮᠫᠠᠨᠢ ᠪᠣᠯᠤᠨ “ᠵᠢᠠᠨ᠋ᠰᠦ᠋  ᠵᠣᠩᠲᠢᠶᠠᠨ ᠲᠧᢈᠨᠣᠯᠣᢉᠢ” ᠻᠣᠮᠫᠠᠨᠢ ᠨᠤᠭᠤᠳ ᠤ᠋ᠨ ᠲᠦᠩᠰᠢᠯᠡᠯ ᠲᠡᠢ /᠒᠐᠒᠖᠂᠐᠓᠂᠑᠖/ ᠡᠳᠦᠷ ᢉᠡᠷ᠎ᠡ ᠪᠠᠶᠢᠭᠤᠯᠤᠯ᠎ᠠ᠃ ᠲᠦᠩᠰᠢᠯᠡᠯ ᠦ᠋ᠨ ᢉᠡᠷ᠎ᠡ ᠶ᠋ᠢ ᠪᠠᠶᠢᠭᠤᠯᠬᠤ ᠦᠶᠢᠯᠡ ᠠᠵᠢᠯᠯᠠᠭᠠᠨ ᠳ᠋ᠤ ᠡᠷᠴᠢᠮ ᢈᠦᠴᠦᠨ ᠦ᠋ ᠳᠡᠳ᠋ ᠰᠠᠶᠢᠳ ᠰᠠ‍᠂ᠳᠠᠯᠬᠠᠰᠦ᠋ᠷᠦᠩ᠂ᠲᠥᠷᠦ ᠶ᠋ᠢᠨ ᠨᠠᠷᠢᠨ ᠪᠢᠴᠢᢉ ᠦ᠋ᠨ ᠳᠠᠷᠤᠭ᠎ᠠ ᠪ‍᠂ᠶᠡᠷᠡᠨ᠆ᠥᠯᠵᠡᠢ᠂ “ᠵᠣᠩᢉᠲ᠋ᠢᠶᠠᠨ ᠹᠣᠲ᠋ᠣᠸᠣᠯᠲ᠋ᠢᠠᠻ ᠲᠧᢈᠨᠣᠯᠣᢉᠢ” ᠻᠣᠮᠫᠠᠨᠢ ᠶ᠋ᠢᠨ ᠶᠡᠷᠦᠩᢈᠡᠢ ᠮᠧᠨᠧᠵᠧᠷ ᠭᠤ ᠵᠢᠩᠴᠧᠨ᠋᠂ ᠵᠢᠠᠩᠰᠦ᠋ ᠵᠣᠩᠲᠢᠶᠠᠨ ᠲᠧᢈᠨᠣᠯᠣᢉᠢ” ᠻᠣᠮᠫᠠᠨᠢ ᠶ᠋ᠢᠨ ᠲᠥᠰᠦᠯ ᠦ᠋ᠨ ᠵᠠᢈᠢᠷᠤᠯ ᠮᠢᠶᠣ᠋ ᠱᠢᠠᠣᠨᠠᠨ ᠨᠠᠷ ᠣᠷᠤᠯᠴᠠᠯ᠎ᠠ᠃ ᢉᠦᠶᠢᠴᠡᠳᢈᠡᢉᠴᠢ ᠪᠡᠷ ᠰᠢᠯᠭᠠᠷᠠᠭᠰᠠᠨ ᠻᠣᠮᠫᠠᠨᠢ ᠨᠢ ᠳᠡᠯᠡᢈᠡᠢ ᠶ᠋ᠢᠨ ᠣᠯᠠᠨ ᠣᠷᠤᠨ ᠳ᠋ᠤ ᠦᠶᠢᠯᠡ ᠠᠵᠢᠯᠯᠠᠭ᠎ᠠ ᠶᠠᠪᠤᠭᠤᠯᠳᠠᠭ ᠘᠐ ᠭᠠᠷᠤᠢ ᠥᢈᠢᠨ ᠻᠣᠮᠫᠠᠨᠢ ᠲᠠᠢ ᠑᠖᠐᠐᠐ ᠭᠠᠷᠤᠢ ᠠᠵᠢᠯᠯᠠᠭᠰᠠᠳ ᠲᠠᠢ ᠪᠦ‍᠂ᠨᠠ‍᠂ᠬᠣ‍᠂ᠠ‍᠂ᠤ‍᠆ᠤ᠋ᠨ ᠲᠡᠷᠢᢉᠦᠯᠡᢈᠦ ᠠᠵᠤ ᠠᠬᠤᠢ ᠨᠢᢉᠡᠴᠡ ᠨᠦ᠋ᢉᠦᠳ ᠦ᠋ᠨ ᠨᠢᢉᠡ᠃ ᠮᠣᠩᠭᠣᠯ ᠤᠯᠤᠰ ᠲᠤ ᠪᠠᠷᠢᠭᠳᠠᠭᠰᠠᠨ ᠠᠩᠬᠠᠨ ᠤ᠋ ᠲᠣᠮᠤ ᠴᠢᠳᠠᠯ ᠤ᠋ᠨ ᠪᠠᠲ᠋ᠠᠷᠧᠢ ᠬᠤᠷᠠᠮᠲᠤᠯᠠᠭᠤᠷ ᠤ᠋ᠨ ᠲᠥᠰᠦᠯ ᠦ᠋ᠨ ᢉᠦᠶᠢᠴᠡᠳᢈᠡᢉᠴᠢ ᠪᠡᠷ ᠠᠵᠢᠯᠯᠠᠵᠤ ᠪᠠᠶᠢᠭᠰᠠᠨ ᠲᠤᠷᠰᠢᠯᠭᠠᠲᠠᠢ ᠶᠤᠮ᠃ ᠡᠨᠡ ᠲᠥᠰᠦᠯ ᠨᠢ ᠠᠽᠢ ᠶ᠋ᠢᠨ ᢈᠥᢉᠵᠢᠯ ᠦ᠋ᠨ ᠪᠠᠩᠻᠢ ᠶ᠋ᠢᠨ ᠵᠢᢉᠡᠯᠡ ᠪᠣᠯᠤᠨ ᠠᠭᠤᠷ ᠠᠮᠢᠰᠬᠤᠯ ᠤ᠋ᠨ ᢈᠥᠷᠦᠩᢉᠡ ᠣᠷᠤᠭᠤᠯᠤᠯᠲᠠ ᠶ᠋ᠢᠨ ᠰᠠᠩ ᠤ᠋ᠨ ᠪᠤᠴᠠᠯᠲᠠ ᠦᢉᠡᠢ ᠲᠤᠰᠠᠯᠠᠮᠵᠢ ᠪᠠᠷ ᢈᠡᠷᠡᢉᠵᠢᠵᠦ᠂ᠨᠡᠶᠢᠲᠡ ᠰᠠᠩᢈᠦᠵᠢᠯᠲᠡ ᠶ᠋ᠢᠨ ᠔᠐ ᠬᠤᠪᠢ ᠶ᠋ᠢ ᠠ‍᠂ᠬᠣ‍᠂ᠪᠠ‍᠆ ᠪᠠᠷ ᠳᠠᠮᠵᠢᠭᠤᠯᠤᠨ ᠳᠡᢉᠡᠷᠡᢈᠢ ᠰᠠᠩ ᠤ᠋ᠨ ᠪᠤᠴᠠᠯᠲᠠ ᠦᢉᠡᠢ ᠲᠤᠰᠠᠯᠠᠮᠵᠢ ᠪᠠᠷ ᠰᠠᠩᢈᠦᠵᠢᢉᠦᠯᠵᠦ ᠪᠠᠶᠢᠭ᠎ᠠ ᠥᠨᠳᠦᠷ ᠠᠴᠢ ᠬᠣᠯᠪᠤᠭᠳᠠᠯᠲᠠᠢ ᠲᠥᠰᠦᠯ᠃ ᠲᠥᠰᠦᠯ ᠦ᠋ᠨ ᢈᠡᠷᠡᢉᠵᠢᠯᠲᠡ ᠶ᠋ᠢ ᠡᠷᠴᠢᠮ ᢈᠦᠴᠦᠨ ᠦ᠋ ᠶᠠᠮᠤ᠂ ᠨᠢᢉᠡᠳᠦᢉᠰᠡᠨ ᠲᠥᠰᠦᠯ ᢈᠡᠷᠡᢉᠵᠢᢉᠦᠯᢈᠦ ᠨᠢᢉᠡᠴᠡ ᠬᠠᠷᠢᠭᠤᠴᠠᠨ ᢈᠡᠷᠡᢉᠵᠢᢉᠦᠯᠦᠨ᠎ᠡ᠃ ᠲᠤᠰ ᢉᠡᠷ᠎ᠡ ᠶ᠋ᠢᠨ ᠳᠠᠭᠠᠭᠤ ᢉᠡᠷ᠎ᠡ ᠶ᠋ᠢ ᠪᠠᠶᠢᠭᠤᠯᠤᠭᠰᠠᠨ ᠠ᠋ᠴᠠ ᠬᠣᠶᠢᠰᠢ ᠓᠐᠐ ᠬᠣᠨᠤᠭ ᠲᠤ ᠪᠠᠭᠲᠠᠭᠠᠨ ᠠᠰᠢᠭᠯᠠᠯᠲᠠ ᠳ᠋ᠤ ᠣᠷᠤᠭᠤᠯᠬᠤ ᠶᠤᠮ ᠪᠠᠶᠢᠨ᠎ᠠ᠃ ᠮᠢᠩᠭᠠᠳ ᠰᠤᠮᠤᠨ ᠳ᠋ᠤ ᢈᠡᠷᠡᢉᠵᠢᢈᠦ ᠲᠥᠰᠦᠯ ᠨᠢ ᠰᠡᠷᢉᠦᢉᠡᢉᠳᠡᢈᠦ ᠡᠷᠴᠢᠮ ᢈᠦᠴᠦ ᠶ᠋ᠢ ᠨᠡᠮᠡᢉᠳᠡᢉᠦᠯᢈᠦ ᠲᠥᠰᠦᠯ ᠦ᠋ᠨ ᢈᠦᠷᠢᠶᠡᠨ ᠳ᠋ᠦ ᠪᠠᠷᠠᠭᠤᠨ ᠪᠦᠰᠡ ᠨᠤᠲᠤᠭ ᠲᠤ ᠡᠷᠴᠢᠮ ᢈᠦᠴᠦᠨ ᠦ᠋ ᠶᠠᠮᠤᠨ ᠠ᠋ᠴᠠ ᠪᠠᠷᠢᠭᠳᠠᠵᠤ ᠪᠤᠢ ᠕ ᠳ᠋ᠠᢈᠢ ᠡᢈᠡ ᠡᢉᠦᠰᠪᠦᠷᠢ᠃ ᠲᠥᠰᠦᠯ ᠦ᠋ᠨ ᢈᠦᠷᠢᠶᠡᠨ ᠳ᠋ᠦ ᠡᠮᠦᠨ᠎ᠡ ᠨᠢ ᠒᠐᠒᠒ ᠣᠨ ᠳ᠋ᠤ ᠵᠠᠪᠬᠠᠨ ᠠᠶᠢᠮᠠᠭ ᠤ᠋ᠨ ᠠᠯᠳᠠᠷᠬᠠᠭᠠᠨ ᠰᠤᠮᠤᠨ ᠳ᠋ᠤ ᠕ᠮᠸᠲ᠂ᠭᠣᠪᠢ᠆ᠠᠯᠲᠠᠢ ᠠᠶᠢᠮᠠᠭ ᠤ᠋ᠨ ᠠᠯᠲᠠᠢ ᠰᠤᠮᠤᠨ ᠳ᠋ᠤ ᠐᠂᠖ᠮᠸᠲ᠂ ᠒᠐᠒᠓ ᠣᠨ ᠳ᠋ᠤ ᠭᠣᠪᠢ᠆ᠠᠯᠲᠠᠢ ᠠᠶᠢᠮᠠᠭ ᠤ᠋ᠨ ᠶᠢᠰᠦᠨᠪᠤᠯᠠᠭ ᠰᠤᠮᠤᠨ ᠳ᠋ᠤ ᠑᠐ᠮᠸᠲ᠂᠒᠐᠒᠔ ᠣᠨ ᠳ᠋ᠤ ᢈᠥᠪᠰᠦᢉᠦᠯ ᠠᠶᠢᠮᠠᠭ ᠤ᠋ᠨ ᠮᠥᠷᠡᠨ ᠰᠤᠮᠤᠨ ᠳ᠋ᠤ ᠑᠐ᠮᠸᠲ ᠨᠠᠷᠠᠨ ᠤ᠋ ᠴᠠᢈᠢᠯᠭᠠᠨ ᠰᠲ᠋ᠠᠨ᠋ᠼ ᠤ᠋ᠳ ᠢ᠋ ᠠᠰᠢᠭᠯᠠᠯᠲᠠ ᠳ᠋ᠤ ᠣᠷᠤᠭᠤᠯᠵᠤ᠂ ᠪᠦᠰᠡ ᠨᠤᠲᠤᠭ ᠤ᠋ᠨ ᠡᠷᠴᠢᠮ ᢈᠦᠴᠦᠨ ᠦ᠋ ᠬᠠᠩᠭᠠᠮᠵᠢ ᠶ᠋ᠢ ᠨᠣᠭᠤᠭᠠᠨ ᠡᠷᠴᠢᠮ ᢈᠦᠴᠦ ᠪᠡᠷ ᠬᠠᠩᠭᠠᠬᠤ ᠳ᠋ᠤ ᠲᠣᠮᠤᠬᠠᠨ ᠬᠤᠪᠢ ᠨᠡᠮᠡᠷᠢ ᠣᠷᠤᠭᠤᠯᠵᠤ ᠪᠠᠶᠢᠨ᠎ᠠ᠃ ᠪᠠᠷᠠᠭᠤᠨ ᠪᠦᠰᠡ ᠶ᠋ᠢᠨ ᠬᠤᠪᠢ ᠳ᠋ᠤ ᠡᠷᠴᠢᠮ ᢈᠦᠴᠦᠨ ᠦ᠋ ᢈᠡᠷᠡᢉᠯᠡᢉᠡᠨ ᠦ᠋ ᠥᠰᠦᠯᠲᠡ ᠨᠢ ᠡᠷᠴᠢᠮᠲᠡᠢ ᠨᠡᠮᠡᢉᠳᠡᠵᠦ᠂ ᠒᠐᠒᠔ ᠣᠨ ᠳ᠋ᠤ ᠣ‍᠂ᠬᠣ‍᠂ᠤ‍᠆ᠠ᠋ᠴᠠ ᠒᠒᠙᠂᠘ ᠰᠠᠶ᠎ᠠ ᠻᠸᠲ᠃ ᠴ᠂ ᠒᠐᠒᠕ ᠣᠨ ᠳ᠋ᠤ ᠒᠖᠔᠂᠕ ᠰᠠᠶ᠎ᠠ ᠻᠸᠲ᠃ ᠴ ᠴᠠᢈᠢᠯᠭᠠᠨ ᠡᠷᠴᠢᠮ ᢈᠦᠴᠦ ᠢᠮᠫᠣᠷᠲ᠋ᠯᠠᠭᠰᠠᠨ ᠪᠠᠶᠢᠨ᠎ᠠ᠃ ᠮᠢᠩᠭᠠᠳ ᠨᠠᠷᠠᠨ ᠤ᠋ ᠴᠠᢈᠢᠯᠭᠠᠨ ᠰᠲ᠋ᠠᠨ᠋ᠼ ᠓᠙᠂᠓ ᠰᠠᠶ᠎ᠠ ᠻᠸᠲ᠃ ᠴ ᠴᠡᢈᠡ ᠦᠶᠢᠯᠡᠳᠪᠦᠷᠢᠯᠡᢉᠰᠡᠨ ᠢ᠋ᠶᠡᠷ ᠣᠶᠢᠷᠠᠯᠴᠠᠭ᠎ᠠ ᠪᠠᠷ ᠑᠗ ᠬᠤᠪᠢ ᠪᠠᠷ ᠢᠮᠫᠣᠷᠲ ᠤ᠋ᠨ ᠴᠡᢈᠡ᠆ᠶ᠋ᠢ ᠪᠠᠭᠤᠷᠠᠭᠤᠯᠵᠤ᠂ ᠒᠂᠐ ᠰᠠᠶ᠎ᠠ ᠠᠮ‍᠂ᠳ᠋ᠣᠯᠯᠠᠷ ᠢ᠋ ᠵᠢᠯ ᠪᠦᠷᠢ ᢈᠡᠮᠨᠡᢈᠦ ᠪᠣᠯᠤᠮᠵᠢᠲᠠᠢ᠃ ᠮᠢᠩᠭᠠᠳ ᠨᠠᠷᠠᠨ ᠤ᠋ ᠴᠠᢈᠢᠯᠭᠠᠨ ᠰᠲ᠋ᠠᠨ᠋ᠼ ᠨᠢ ᠠᠰᠢᠭᠯᠠᠯᠲᠠ ᠳ᠋ᠤ ᠣᠷᠤᠭᠰᠠᠨ ᠢ᠋ᠶᠠᠷ ᠵᠢᠯ ᠳ᠋ᠦ ᠪᠡᠨ ᠓᠙᠂᠓ ᠰᠠᠶ᠎ᠠ᠂ᠻᠸᠲ᠃ ᠴ ᠴᠠᢈᠢᠯᠭᠠᠨ ᠡᠷᠴᠢᠮ ᢈᠦᠴᠦ ᠦᠶᠢᠯᠡᠳᠪᠦᠷᠢᠯᠡᠵᠦ᠂ᠪᠠᠷᠠᠭᠤᠨ ᠪᠦᠰᠡ ᠶ᠋ᠢᠨ ᠣ‍᠂ᠬᠣ‍᠂ᠤ‍᠆ᠠ᠋ᠴᠠ ᠢᠮᠫᠣᠷᠲ᠋ᠯᠠᠬᠤ ᢈᠡᠮᠵᠢᠶ᠎ᠡ ᠑᠗᠂᠑ ᠬᠤᠪᠢ ᠪᠠᠷ ᠪᠠᠭᠤᠷᠠᠭᠤᠯᠬᠤ ᠠᠴᠢ ᠬᠣᠯᠪᠤᠭᠳᠠᠯᠲᠠᠢ ᠲᠡᠳᠦᠢ ᠦᢉᠡᠢ ᠵᠢᠯ ᠪᠦᠷᠢ ᠓᠔᠂᠖ ᠮᠢᠩᠭᠠᠨ ᠲᠣᠨ᠋᠊ᠨ᠋ ᢈᠦᠯᠡᠮᠵᠢ ᠶ᠋ᠢᠨ ᢈᠡᠢ ᠶ᠋ᠢᠨ ᠢᠯᠭᠠᠷᠠᠯ ᠢ᠋ ᠪᠠᠭᠤᠷᠠᠭᠤᠯᠤᠨ᠎ᠠ᠃ ᠡᠶᠢᠨ ᢈᠦ ᠳᠣᠲᠤᠭᠠᠳᠤ ᠶ᠋ᠢᠨ ᠡᠷᠴᠢᠮ ᢈᠦᠴᠦᠨ ᠦ᠋ ᠦᠶᠢᠯᠡᠳᠪᠦᠷᠢᠯᠡᠯ᠂ ᠬᠠᠩᠭᠠᠮᠵᠢ ᠨᠡᠮᠡᢉᠳᠡᢉᠰᠡᠨ ᠢ᠋ᠶᠡᠷ ᢈᠡᠷᠡᢉᠯᠡᢉᠴᠢᠳ ᠦ᠋ᠨ ᠡᠷᠴᠢᠮ ᢈᠦᠴᠦᠨ ᠦ᠋ ᠨᠠᠶᠢᠳᠠᠪᠤᠷᠢᠵᠢᠯᠲᠠ᠂ᠰᠢᠨ᠎ᠡ ᠬᠣᠯᠪᠤᠯᠲᠠ ᠶ᠋ᠢᠨ ᠪᠣᠯᠤᠮᠵᠢ ᠨᠡᠮᠡᢉᠳᠡᠨ᠎ᠡ᠃ ᠲᠥᠰᠦᠯ ᠦ᠋ᠨ ᠪᠠᠷᠢᠯᠭ᠎ᠠ ᠤᠭᠰᠠᠷᠠᠯᠲᠠ ᠶ᠋ᠢᠨ ᠠᠵᠢᠯ ᠤ᠋ᠨ ᠦᠶ᠎ᠡ ᠳ᠋ᠦ ᠑᠕᠐ ᠭᠠᠷᠤᠢ ᠲᠦᠷ ᠠᠵᠢᠯ ᠤ᠋ᠨ ᠪᠠᠶᠢᠷᠢ᠂ ᠠᠰᠢᠭᠯᠠᠯᠲᠠ ᠳ᠋ᠤ ᠣᠷᠤᠭᠰᠠᠨ ᠤ᠋ ᠳᠠᠷᠠᠭ᠎ᠠ ᠑᠔ ᢈᠦᠮᠦᠨ ᠦ᠋ ᠪᠠᠶᠢᠩᠭᠤ ᠶ᠋ᠢᠨ ᠠᠵᠢᠯ ᠤ᠋ᠨ ᠪᠠᠶᠢᠷᠢ ᠪᠤᠢ ᠪᠣᠯᠤᠨ᠎ᠠ᠃