MN
Хаах
MN

ᠰᠢᠪᠡᢉᠡ᠆ᠣᠪᠤᠭ᠎ᠠ ᠶ᠋ᠢᠨ ᠖᠖᠐ ᠮᠸᠲ᠆ᠤ᠋ᠨ ᠴᠠᢈᠢᠯᠭᠠᠨ ᠰᠲ᠋ᠠᠨ᠋ᠼ ᠤ᠋ᠨ ᠲᠥᠰᠦᠯ ᠦ᠋ᠨ ᢈᠦᠷᠢᠶᠡᠨ ᠳ᠋ᠦ ᠰᠠᠨᠠᠮᠵᠢ ᠪᠢᠴᠢᢉ ᠪᠠᠶᠢᠭᠤᠯᠤᠯ᠎ᠠ

A- A A+
ᠰᠢᠪᠡᢉᠡ᠆ᠣᠪᠤᠭ᠎ᠠ ᠶ᠋ᠢᠨ ᠖᠖᠐ ᠮᠸᠲ᠆ᠤ᠋ᠨ ᠴᠠᢈᠢᠯᠭᠠᠨ ᠰᠲ᠋ᠠᠨ᠋ᠼ ᠤ᠋ᠨ ᠲᠥᠰᠦᠯ ᠦ᠋ᠨ ᢈᠦᠷᠢᠶᠡᠨ ᠳ᠋ᠦ ᠰᠠᠨᠠᠮᠵᠢ ᠪᠢᠴᠢᢉ ᠪᠠᠶᠢᠭᠤᠯᠤᠯ᠎ᠠ

ᠡᠷᠴᠢᠮ ᢈᠦᠴᠦᠨ ᠦ᠋ ᠶᠠᠮᠤᠨ ᠠ᠋ᠴᠠ ᠡᠷᠴᠢᠮ ᢈᠦᠴᠦᠨ ᠦ᠋ ᠰᠠᠯᠪᠤᠷᠢ ᠳ᠋ᠤ ᠬᠤᠪᠢ ᠶ᠋ᠢᠨ ᢈᠡᠪᠰᠢᠯ ᠦ᠋ᠨ ᢈᠥᠷᠦᠩᢉᠡ ᠣᠷᠤᠭᠤᠯᠤᠯᠲᠠ ᠶ᠋ᠢ ᠲᠠᠲᠠᠬᠤ᠂ ᠨᠡᠮᠡᢉᠳᠡᢉᠦᠯᢈᠦ ᠴᠢᢉᠯᠡᠯ ᠢ᠋ᠶᠡᠷ ᠭᠠᠳᠠᠭᠠᠳᠤ᠂ ᠳᠣᠲᠤᠭᠠᠳᠤ ᠶ᠋ᠢᠨ ᢈᠥᠷᠦᠩᢉᠡ ᠣᠷᠤᠭᠤᠯᠤᠭᠴᠢᠳ ᠲᠠᠢ ᠬᠠᠮᠲᠤᠷᠠᠨ ᠠᠵᠢᠯᠯᠠᠵᠤ ᠪᠠᠶᠢᠨ᠎ᠠ᠃ ᠲᠤᠬᠠᠶᠢᠯᠠᠪᠠᠯ᠂ ᠪᠦᢉᠦᠳᠡ ᠨᠠᠶᠢᠷᠠᠮᠳᠠᠬᠤ ᠰᠣᠼᠢᠠᠯᠢᠰᠲ ᠸᠢᠧᠲ᠋ᠨᠠᠮ ᠤᠯᠤᠰ ᠤ᠋ᠨ ᢈᠥᠷᠦᠩᢉᠡ ᠣᠷᠤᠭᠤᠯᠤᠯᠲᠠ ᠲᠠᠢ “ROX Energy” ᢉᠷᠦ᠋ᠫ ᠦ᠋ᠨ ᠦᢈᠢᠨ ᠻᠣᠮᠫᠠᠨᠢ “ᠠᠷ ᠢ ᠰᠢ ᠡᠮ ᠵᠢ” ᢈᠥ‍᠂ᠬᠠ‍᠂ᠻᠠ‍᠆ᠶ᠋ᠢᠨ ᢈᠡᠷᠡᢉᠵᠢᢉᠦᠯᠵᠦ ᠪᠤᠢ ᠭᠣᠪᠢᠰᠦ᠋ᠮᠪᠦᠷ ᠠᠶᠢᠮᠠᠭ ᠤ᠋ᠨ ᠰᠢᠪᠡᢉᠡᠭᠣᠪᠢ ᠰᠤᠮᠤ ᠶ᠋ᠢᠨ ᠨᠤᠲᠤᠭ ᠳᠡᠪᠢᠰᢈᠡᠷ ᠲᠦ ᠪᠠᠷᠢᠭᠳᠠᠬᠤ ᠖᠖᠐ ᠮᠸᠲ᠆ᠤ᠋ᠨ ᢈᠦᠴᠦᠨ ᠴᠢᠳᠠᠯᠲᠠᠢ ᠴᠠᢈᠢᠯᠭᠠᠨ ᠰᠲ᠋ᠠᠨ᠋ᠼ ᠤ᠋ᠨ ᠲᠥᠰᠦᠯ ᠳ᠋ᠦ ᠲᠤᠰ ᠶᠠᠮᠤᠨ ᠠ᠋ᠴᠠ ᠪᠣᠳᠤᠯᠭ᠎ᠠ ᠶ᠋ᠢᠨ ᠳᠡᠮᠵᠢᠯᢉᠡ ᠶ᠋ᠢ ᠦᠵᠡᢉᠦᠯᠳᠡᢉ᠃ ᠡᠨᠡ ᢈᠦᠷᠢᠶᠡᠨ ᠳ᠋ᠦ ᠡᠷᠴᠢᠮ ᢈᠦᠴᠦᠨ ᠦ᠋ ᠶᠠᠮᠤ᠂ “ᠰᠢᠪᠡᢉᠡ᠆ᠣᠪᠤᠭ᠎ᠠ” ᠬᠣ‍᠂ᠻᠠ‍ ᠪᠣᠯᠤᠨ “ᠠᠷ ᠢ ᠰᠢ ᠰᠢ ᠡᠮ ᠵᠢ” ᢈᠥ‍᠂ᠬᠠ‍᠂ᠻᠠ‍ ᠬᠣᠭᠤᠷᠤᠨᠳᠤ “ᠨᠡᢉᠦᠷᠡᠰᠦ ᠶ᠋ᠢ ᠤᠷᠲᠤ ᠬᠤᠭᠤᠴᠠᠭᠠᠨ ᠳ᠋ᠤ ᠬᠤᠳᠠᠯᠳᠤᠬᠤ᠂ᠬᠤᠳᠠᠯᠳᠤᠨ ᠠᠪᠬᠤ ᠲᠤᠬᠠᠢ ᠭᠤᠷᠪᠠᠨ ᠲᠠᠯᠠᠲᠤ ᠬᠠᠷᠢᠯᠴᠠᠨ ᠣᠶᠢᠯᠠᠭᠠᠯᠴᠠᠯ ᠤ᠋ᠨ ᠰᠠᠨᠠᠮᠵᠢ ᠪᠢᠴᠢᢉ”᠆ᠢ᠋ /᠒᠐᠒᠖᠂᠐᠓᠂᠐᠖/ ᠡᠳᠦᠷ ᠪᠠᠶᠢᠭᠤᠯᠤᠯ᠎ᠠ᠃ ᠮᠣᠩᠭᠣᠯ ᠤᠯᠤᠰ ᠪᠣᠯᠤᠨ ᠪᠦᢉᠦᠳᠡ ᠨᠠᠶᠢᠷᠠᠮᠳᠠᠬᠤ ᠰᠣᠼᠢᠠᠯᠢᠰᠲ ᠸᠢᠧᠲ᠋ᠨᠠᠮ ᠤᠯᠤᠰ ᠬᠣᠭᠤᠷᠤᠨᠳᠤ ᠑᠙᠕᠔ ᠣᠨ ᠳ᠋ᠤ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠠ᠋ᠴᠠ ᠬᠣᠶᠢᠰᠢ ᠗᠐ ᠭᠠᠷᠤᠢ ᠵᠢᠯ ᠦ᠋ᠨ ᠲᠤᠷᠰᠢ ᠨᠠᠶᠢᠷᠰᠠᠭ ᠬᠠᠷᠢᠯᠴᠠᠭ᠎ᠠ ᠶ᠋ᠢ ᢈᠥᢉᠵᠢᢉᠦᠯᠵᠦ ᠢᠷᠡᢉᠰᠡᠨ ᠪᠥᢉᠡᠳ ᠡᠨᠡ ᢈᠦ ᠨᠠᠶᠢᠷᠰᠠᠭ ᠬᠠᠷᠢᠯᠴᠠᠭᠠᠨ ᠤ᠋ ᠦᠨᠳᠦᠰᠦᠨ ᠳᠡᢉᠡᠷ᠎ᠡ ᠬᠣᠶᠠᠷ ᠣᠷᠤᠨ ᠤ᠋ ᠬᠠᠮᠲᠤ ᠶ᠋ᠢᠨ ᠠᠵᠢᠯᠯᠠᠭ᠎ᠠ ᠡᠷᠴᠢᠮ ᢈᠦᠴᠦ᠂ᠳᠡᠳ᠋ ᠪᠦᠲᠦᠴᠡ ᠶ᠋ᠢᠨ ᢈᠥᢉᠵᠢᠯ ᠵᠡᠷᢉᠡ ᠣᠯᠠᠨ ᠰᠠᠯᠪᠤᠷᠢ ᠳ᠋ᠤ ᠥᠷᢉᠡᠵᠢᠨ ᠲᠡᠯᠡᠵᠦ ᠪᠠᠶᠢᠨ᠎ᠠ᠃ ᠲᠥᠰᠦᠯ ᢈᠡᠷᠡᢉᠵᠢᠵᠦ ᠠᠰᠢᠭᠯᠠᠯᠲᠠ ᠳ᠋ᠤ ᠣᠷᠤᠭᠰᠠᠨ ᠢ᠋ᠶᠠᠷ ᠲᠥᠪ ᠦ᠋ᠨ ᠪᠦᠰᠡ᠂ ᠵᠡᢉᠦᠨ ᠪᠦᠰᠡ ᠪᠣᠯᠤᠨ ᠭᠣᠪᠢ ᠶ᠋ᠢᠨ ᠪᠦᠰᠡ ᠶ᠋ᠢᠨ ᠴᠠᢈᠢᠯᠭᠠᠨ ᠡᠷᠴᠢᠮ ᢈᠦᠴᠦᠨ ᠦ᠋ ᠥᠰᠦᠨ ᠨᠡᠮᠡᢉᠳᠡᠵᠦ ᠪᠤᠢ ᢈᠡᠷᠡᢉᠯᠡᢉᠡ᠂ᠰᠢᠰᠲ᠋ᠧᠮ ᠦ᠋ᠨ ᠨᠠᠶᠢᠳᠠᠪᠤᠷᠢᠲᠠᠢ ᠠᠵᠢᠯᠯᠠᠭ᠎ᠠ ᠶ᠋ᠢ ᠬᠠᠩᠭᠠᠬᠤ ᠲᠡᠳᠦᠢ ᠦᢉᠡᠢ ᠭᠣᠪᠢᠰᠦ᠋ᠮᠪᠦᠷ ᠠᠶᠢᠮᠠᠭ ᠤ᠋ᠨ ᠨᠡᠶᠢᢉᠡᠮ᠂ ᠡᠳ᠋ ᠦ᠋ᠨ ᠵᠠᠰᠠᠭ ᠤ᠋ᠨ ᢈᠥᢉᠵᠢᠯ ᠳ᠋ᠦ ᠪᠣᠳᠠᠲᠤ ᠬᠤᠪᠢ ᠨᠡᠮᠡᠷᠢ ᠣᠷᠤᠭᠤᠯᠬᠤ ᠶᠤᠮ᠃