MN
Хаах
MN

ᠳᠠᠯᠠᠨᠵᠠᠳᠠᠭᠠᠳ ᠤ᠋ᠨ ᠕᠐ᠮᠪᠲᠦ- ᠤ᠋ᠨ ᢈᠦᠴᠦᠨ ᠴᠢᠳᠠᠯᠲᠠᠢ ᠳᠤᠯᠠᠭᠠᠨ ᠤ᠋ ᠴᠠᢈᠢᠯᠭᠠᠨ ᠰᠲ᠋ᠠᠨᠼᠢ ᠰᠢᠨ᠎ᠡ ᠪᠡᠷ ᠪᠠᠷᠢᠭᠳᠠᠨ᠎ᠠ

A- A A+
ᠳᠠᠯᠠᠨᠵᠠᠳᠠᠭᠠᠳ ᠤ᠋ᠨ ᠕᠐ᠮᠪᠲᠦ- ᠤ᠋ᠨ ᢈᠦᠴᠦᠨ ᠴᠢᠳᠠᠯᠲᠠᠢ ᠳᠤᠯᠠᠭᠠᠨ ᠤ᠋ ᠴᠠᢈᠢᠯᠭᠠᠨ ᠰᠲ᠋ᠠᠨᠼᠢ ᠰᠢᠨ᠎ᠡ ᠪᠡᠷ ᠪᠠᠷᠢᠭᠳᠠᠨ᠎ᠠ

ᠮᠣᠩᠭᠤᠯ ᠤᠯᠤᠰ ᠢ᠋ ᠒᠐᠒᠖-᠒᠐᠓᠐ ᠣᠨ ᠳ᠋ᠤ ᢈᠥᢉᠵᠢᢉᠦᠯᢈᠦ ᠲᠠᠪᠤᠨ ᠵᠢᠯ ᠦ᠋ᠨ ᠦᠨᠳᠦᠰᠦᠨ ᠴᠢᢉᠯᠡᠯ ᠡᠷᠴᠢᠮ ᢈᠦᠴᠦᠨ ᠦ᠋ ᠰᠢᠨᠡᠳᢈᠡᠯ ᠦ᠋ᠨ ᢈᠦᠷᠢᠶ ᠡᠨ ᠳ᠋ᠦ ᠡᠮᠦᠨᠡᠭᠣᠪᠢ ᠠᠶᠢᠮᠠᠭ ᠤ᠋ᠨ ᠳᠠᠯᠠᠨᠵᠠᠳᠠᠭᠠᠳ ᠰᠤᠮᠤᠨ ᠳ᠋ᠤ ᠕᠐ᠮᠪᠲᠦ- ᠤ᠋ᠨ ᢈᠦᠴᠦᠨ ᠴᠢᠳᠠᠯᠲᠠᠢ ᠳᠤᠯᠠᠭᠠᠨ ᠤ᠋ ᠴᠠᢈᠢᠯᠭᠠᠨ ᠰᠲ᠋ᠠᠨᠼᠢ ᠰᠢᠨ᠎ᠡ ᠪᠡᠷ ᠪᠠᠷᠢᠭᠳᠠᠬᠤ ᠪᠠᠷ ᠲᠤᠰᠬᠠᠭᠳᠠᠭᠰᠠᠨ᠃  ᠮᠣᠩᠭᠤᠯ ᠤᠯᠤᠰ ᠤ᠋ᠨ ᠵᠠᠰᠠᠭ ᠤ᠋ᠨ ᠭᠠᠵᠠᠷ ᠪᠣᠯᠤᠨ ᠡᠮᠦᠨᠡᠭᠣᠪᠢ ᠠᠶᠢᠮᠠᠭ ᠤ᠋ᠨ ᠵᠠᠰᠠᠭ ᠳᠠᠷᠤᠭ᠎ᠠ ᠶ᠋ᠢᠨ «ᠥᠰᠦᠯᠲᠡ ᠲᠡᠢ ᠡᠮᠦᠨᠡᠭᠣᠪᠢ» ᠒᠐᠒᠔- ᠒᠐᠒᠘ ᠣᠨ ᠤ᠋ ᠦᠢᠯᠡ ᠠᠵᠢᠯᠯᠠᠭᠠᠨ ᠤ᠋ ᢈᠥᠲᠦᠯᠪᠦᠷᠢ ᠪᠡᠷ ᠡᠨᠡ ᢈᠦ ᠲᠥᠰᠦᠯ ᠢ᠋ ᠣᠷᠤᠨ ᠨᠤᠲᠤᠭ ᠤ᠋ᠨ ᠪᠣᠨ᠋ᠳ᠋ ᠤ᠋ᠨ ᠰᠠᠩᢈᠦᠵᠢᠯᠲᠡ ᠪᠡᠷ ᠰᠢᠢᠳᠪᠦᠷᠢᠯᠡᢈᠦ ᠵᠥᠪᠰᠢᠶᠡᠷᠡᠯ ᠣᠯᠭᠠᠭᠰᠠᠨ ᠶᠤᠮ᠃

ᠣᠳᠤ ᠪᠠᠷ ᠠᠶᠢᠮᠠᠭ ᠤ᠋ᠨ ᠦᠨᠡᠲᠦ ᠴᠠᠭᠠᠰᠤ ᠭᠠᠷᠭᠠᠬᠤ ᠪᠡᠯᠡᠳᢈᠡᠵᠦ ᠠᠵᠢᠯ ᠢ᠋ ᠬᠠᠩᠭᠠᠵᠤ ᠪᠠᠶᠢᠨ᠎ᠠ᠃  ᠰᠲ᠋ᠠᠨᠼᠢ ᠶ᠋ᠢ ᠒᠐᠒᠘ ᠣᠨ ᠳ᠋ᠤ ᠠᠰᠢᠭᠯᠠᠯᠲᠠ ᠳ᠋ᠤ ᠣᠷᠤᠭᠤᠯᠬᠤ ᠪᠠᠷ ᠲᠥᠯᠦᠪᠯᠡᢉᠰᠡᠨ᠃  ᠲᠤᠰ ᠳᠠᠰᠤ ᠳᠠᠰᠤ ᠵᠢᠯ ᠳ᠋ᠦ ᠓᠖᠗᠂᠑ ᠰᠠᠶ᠋ᠢ ᠻᠸᠲ᠋ᠠ᠃  ᠴᠠᢈᠢᠯᠭᠠᠨ ᠡᠷᠴᠢᠮ ᢈᠦᠴᠦ᠂ ᠕᠖᠂᠕ ᠮᠢᠨ᠃  ᠾᠻᠠᠯ ᠳᠤᠯᠠᠭᠠᠨ ᠤ᠋ ᠡᠷᠴᠢᠮ ᢈᠦᠴᠦ ᠦᠢᠯᠡᠳᠪᠦᠷᠢᠯᠡᠨ᠎ᠡ᠃  ᠤᠯᠠᠮ ᠢ᠋ᠶᠠᠷ ᠘᠘᠐᠐ ᠠᠶᠢᠯ ᠡᠷᠦᢈᠡ ᠶ᠋ᠢ ᠴᠠᢈᠢᠯᠭᠠᠨ ᠡᠷᠴᠢᠮ ᢈᠦᠴᠦ ᠪᠡᠷ᠂ ᠔᠙᠒᠐ ᢈᠡᠷᠡᢉᠯᠡᢉᠴᠢᠳ ᠢ᠋ ᠳᠤᠯᠠᠭᠠᠨ ᠤ᠋ ᠡᠷᠴᠢᠮ ᢈᠦᠴᠦ ᠪᠡᠷ ᠬᠠᠩᠭᠠᠬᠤ ᠪᠣᠯᠤᠮᠵᠢ ᠪᠦᠷᠢᠳᢈᠦ ᠶᠤᠮ᠃ ᠲᠡᢉᠦᠨᠴᠢᠯᠡᠨ ᠰᠢᠨ᠎ᠡ ᠪᠡᠷ ᠑᠗᠐ ᠠᠵᠢᠯ ᠤ᠋ᠨ ᠪᠠᠶᠢᠷᠢ ᠪᠤᠢ ᠪᠣᠯᠬᠤ ᠠᠵᠢ᠃  ᠮᠥᠨ ᠰᠲ᠋ᠠᠨ᠋ᠼᠢ ᠶ᠋ᠢ ᠪᠠᠷᠢᠬᠤ ᠪᠠᠷ ᠑᠒᠂᠖ ᠭᠠ ᠭᠠᠵᠠᠷ ᠢ᠋ ᠰᠢᠢᠳᠪᠦᠷᠢᠯᠡᢉᠰᠡᠨ ᠪᠠᠶᠢᠨ᠎ᠠ᠃

ᠡᠨᠡ ᢈᠦ ᠰᠲ᠋ᠠᠨ᠋ᠼᠢ ᠨᠢ ᠳᠠᠯᠠᠨᠵᠠᠳᠠᠭᠠᠳ ᠰᠤᠮᠤ ᠶ᠋ᠢᠨ ᢈᠡᠷᠡᢉᠯᠡᢉᠡ ᠶ᠋ᠢ ᠬᠠᠩᠭᠠᠭᠠᠳ ᠵᠣᠭᠰᠤᠬᠤ ᠦᢉᠡᠢ ᠪᠦᠰᠡ ᠶ᠋ᠢᠨ ᢈᠡᠮᠵᠢᠶᠡᠨ ᠳ᠋ᠦ ᠡᠷᠴᠢᠮ ᢈᠦᠴᠦᠨ ᠦ᠋ ᠠᠴᠢᠶᠠᠯᠠᠯ ᠢ᠋ ᠪᠠᠭᠤᠷᠠᠭᠤᠯᠬᠤ᠂ ᠪᠡᠶ᠎ᠡ ᠳᠠᠭᠠᠭᠠᠭᠰᠠᠨ ᠬᠠᠩᠭᠠᠮᠵᠢ ᠪᠤᠢ ᠪᠣᠯᠭᠠᠬᠤ᠂ ᠠᠭᠤᠯᠠ ᠠᠭᠤᠷᠬᠠᠢ ᠶ᠋ᠢᠨ ᠲᠥᠰᠦᠯ᠂ ᠠᠶᠠᠯᠠᠯ ᠵᠢᠭᠤᠯᠴᠢᠯᠠᠯ᠂ ᠣᠷᠤᠨ ᠨᠤᠲᠤᠭ ᠤ᠋ᠨ ᢈᠥᢉᠵᠢᠯ ᠳ᠋ᠦ ᠰᠠᠭᠤᠷᠢ ᠳᠡᠳ᠋ ᠪᠦᠲᠦᠴᠡ ᠶ᠋ᠢᠨ ᠳᠡᠮᠵᠢᠯᢉᠡ ᠦᠵᠡᢉᠦᠯᢈᠦ ᠠᠴᠢ ᠬᠣᠯᠪᠤᠭᠳᠠᠯ ᠲᠠᠢ᠃