ᠡᠷᠴᠢᠮ ᢈᠦᠴᠦᠨ ᠦ᠋ ᠶᠠᠮᠤᠨ ᠤ᠋ ᠵᠠᢈᠢᠶᠠᠯᠠᠭᠠ ᠪᠠᠷ ᠠᠽᠢ ᠶ᠋ᠢᠨ ᢈᠥᢉᠵᠢᠯ ᠦ᠋ᠨ ᠪᠠᠩᠻᠢ᠂ ᠶᠠᠫᠤᠨ ᠤᠯᠤᠰ ᠤ᠋ᠨ “ᠴᠡᠴᠡᢉᠯᠡᠨ ᢈᠥᢉᠵᠢᢉᠰᠡᠨ᠂ ᠡᠷᠦᠰᠳᠡᠯ ᠳ᠋ᠦ ᠲᠡᠰᠪᠦᠷᠢᠲᠡᠢ ᠠᠽᠢ᠂ ᠨᠣᠮᠤᠬᠠᠨ ᠳᠠᠯᠠᠢ ᠶ᠋ᠢᠨ ᠪᠦᠰᠡ ᠨᠤᠲᠤᠭ ᠢ᠋ ᠴᠣᠭᠴᠠᠯᠠᠭᠠᠬᠤ ᠰᠠᠩ"-ᠡᠶᠢᠨ ᠪᠤᠴᠠᠯᠲᠠ ᠦᢉᠡᠢ ᠲᠤᠰᠠᠯᠠᠮᠵᠢ ᠶ᠋ᠢᠨ ᠰᠠᠩᢈᠦᠵᠢᠯᠲᠡ ᠪᠡᠷ “ᠰᠡᠷᢉᠦᢉᠡᢉᠳᠡᢈᠦ ᠡᠷᠴᠢᠮ ᢈᠦᠴᠦᠨ ᠦ᠋ ᠬᠠᠯᠠᠭᠠᠯᠲᠠ ᠶ᠋ᠢᠨ ᠰᠢᠰᠲ᠋ᠧᠮ ᠦ᠋ᠨ ᠲᠤᠷᠰᠢᠯᠲᠠ ᠶ᠋ᠢᠨ ᠲᠥᠰᠦᠯ”- ᠢ᠋ᢉᠡ ᠠᠷᠤᠬᠠᠩᠭᠠᠢ ᠠᠶᠢᠮᠠᠭ ᠤ᠋ᠨ ᠴᠢᠯᠠᠭᠤᠲᠤ ᠰᠤᠮᠤ ᠶ᠋ᠢᠨ ᠡᠷᠡᢉᠦᠯ ᠮᠡᠨᠳᠦ ᠶ᠋ᠢᠨ ᠲᠥᠪ ᠲᠦ ᠠᠮᠵᠢᠯᠲᠠ ᠲᠠᠢ ᠨᠡᠪᠲᠡᠷᠡᢉᠦᠯᠵᠦ᠂ ᠒᠐᠒᠕ ᠣᠨ ᠤ᠋ ᠑᠐ ᠳ᠋ᠤᠭᠠᠷ ᠰᠠᠷᠠ ᠶ᠋ᠢᠨ ᠓᠐- ᠤ᠋ ᠡᠳᠦᠷ ᠨᠡᢉᠡᢉᠡᠯᠲᠡ ᠶ᠋ᠢᠨ ᠦᠢᠯᠡ ᠠᠵᠢᠯᠯᠠᠭᠠ ᠶ᠋ᠢ ᠵᠣᢈᠢᠶᠠᠨ ᠪᠠᠶᠢᠭᠤᠯᠤᠯᠠ᠃
ᠲᠥᠰᠦᠯ ᠦ᠋ᠨ ᢈᠦᠷᠢᠶᠡᠨ ᠳ᠋ᠦ ᠡᠷᠡᢉᠦᠯ ᠮᠡᠨᠳᠦ ᠶ᠋ᠢᠨ ᠲᠥᠪ ᠦ᠋ᠨ ᠪᠠᠷᠢᠯᠭᠠ ᠶ᠋ᠢ ᠪᠦᠷᠢᠨ ᠳᠤᠯᠠᠭᠠᠯᠠᠵᠤ᠂ ᠳᠤᠯᠠᠭᠠᠨ ᠤ᠋ ᠠᠯᠳᠠᠭᠳᠠᠯ ᠢ᠋ ᠪᠠᠭᠤᠷᠠᠭᠤᠯᠤᠨ᠂ ᠘᠐ ᠻᠸᠲ᠋- ᠤ᠋ᠨ ᢈᠦᠴᠦᠨ ᠴᠢᠳᠠᠯᠲᠠᠢ ᠨᠠᠷᠠᠨ ᠤ᠋ ᠴᠠᢈᠢᠯᠭᠠᠨ ᠡᢉᠦᠰᢈᠡᢉᠦᠷ᠂ ᠘᠐᠐ ᠻᠸᠲ*ᠴᠥ-ᠡᠶᠢᠨ ᠪᠠᠭᠲᠠᠭᠠᠮᠵᠢ ᠲᠠᠢ ᠪᠠᠲ᠋ᠠᠷᠧᠢ ᠬᠤᠷᠠᠮᠲᠤᠯᠠᠭᠤᠷ ᠪᠣᠯᠤᠨ ᠙᠐ ᠻᠸᠲ- ᠤ᠋ᠨ ᢈᠦᠴᠦᠨ ᠴᠢᠳᠠᠯᠲᠠᠢ ᠠᠭᠠᠷ-ᠤᠰᠤ ᠲᠥᠷᠦᠯ ᠦ᠋ᠨ ᠳᠤᠯᠠᠭᠠᠨ ᠤ᠋ ᠨᠠᠰᠤᠰ ᠤ᠋ᠨ ᠰᠢᠰᠲ᠋ᠧᠮ ᠢ᠋ ᠰᠠᠭᠤᠷᠢᠯᠠᠭᠤᠯᠤᠨ ᠠᠰᠢᠭᠯᠠᠯᠲᠠ ᠳ᠋ᠤ ᠣᠷᠤᠭᠤᠯᠤᠯᠠ᠃
ᠡᠨᠡ ᢈᠦ ᠢᠵᠢ ᠪᠦᠷᠢᠨ ᠬᠠᠯᠠᠭᠠᠯᠲᠠ ᠶ᠋ᠢᠨ ᠰᠢᠰᠲ᠋ᠧᠮ ᠦ᠋ᠨ ᠲᠥᠰᠦᠯ ᠦ᠋ᠨ ᠦᠷᠡ ᠳ᠋ᠦᠩ ᠳ᠋ᠦ ᠘᠑ ᠲᠣᠨ᠋ ᠨ᠋ ᠨᠡᢉᠦᠷᠡᠰᠦᠲᠦᠷᠦᢉᠴᠢ ᠶ᠋ᠢᠨ ᠳᠠᠪᠬᠤᠷ ᠢᠰᠦᠯ ᠢ᠋ ᠪᠠᠭᠤᠷᠠᠭᠤᠯᠵᠤ᠂ ᠵᠢᠯ ᠳ᠋ᠦ ᠔᠐ ᠲᠣᠨ᠋ ᠨ᠋ ᠨᠡᢉᠦᠷᠡᠰᠦ ᠲᠦᠯᠡᢈᠦ ᠡᠴᠡ ᠰᠡᠷᢉᠡᠶᠢᠯᠡᠵᠦ᠂ ᠴᠠᢈᠢᠯᠭᠠᠨ᠂ ᠳᠤᠯᠠᠭᠠᠨ ᠤ᠋ ᠵᠠᠷᠤᠳᠠᠯ ᠳ᠋ᠤ ᠳᠤᠮᠳᠠᠵᠢ ᠪᠠᠷ ᠒᠕ ᠰᠠᠶᠠ ᠲᠥᢉᠦᠷᠢᢉ ᠦ᠋ᠨ ᢈᠡᠮᠨᠡᠯᠲᠡ ᠭᠠᠷᠬᠤ ᠡᠶᠡᠷᢉᠦ ᠦᠷᠡ ᠳ᠋ᠦᠩ ᠲᠡᠢ ᠲᠥᠰᠦᠯ ᠶᠠᠭᠤᠮᠠ᠃
ᠵᠢᠷᠤᠭ ᠲᠥᠰᠦᠯ ᠢ᠋ «ᠡᠯᠧᠻᠲ᠋ᠷᠤ ᠢᠨᠵᠧᠨᠧᠷᠢᠩ» ᢈᠬᠬᠤ ᠪᠣᠯᠪᠠᠰᠤᠷᠠᠭᠤᠯᠵᠤ᠂ ᢉᠦᠶᠢᠴᠡᠳᢈᠡᢉᠴᠢ ᠪᠡᠷ «ᠵᠢ-ᠫᠠ ᠦ᠋ᠷ» ᢈᠬᠪᠠᠯᠤᠨ «ᠫᠣᠸᠧᠷᠲ᠋ᠦ᠋ᠦ᠋ᠯ» ᢈᠥᢈᠡ-ᠢᠭᠤᠳ ᠬᠠᠮᠲᠤᠷᠠᠨ ᠠᠮᠵᠢᠯᠲᠠᠲᠠᠢ ᢈᠢᠵᠦ ᢉᠦᠢᠴᠡᠳᢈᠡᠯᠡ᠃
ᠮᠣᠩᠭᠣᠯ ᠤᠯᠤᠰ ᠒᠐᠓᠐ ᠣᠨ ᢉᠡᢈᠦ ᠳ᠋ᠦ ᠳᠣᠲᠤᠭᠠᠳᠤ ᠶ᠋ᠢᠨ ᠨᠡᠶᠢᠲᠡ ᠡᠷᠴᠢᠮ ᢈᠦᠴᠦᠨ ᠦ᠋ ᠪᠡᠨ ᠓᠐ ᠬᠤᠪᠢ ᠶ᠋ᠢ ᠰᠡᠷᢉᠦᢉᠡᢉᠳᠡᢈᠦ ᠪᠣᠯᠭᠠᠨᠠ ᢉᠡᠳᠡᢉ ᠡᢉᠦᠷᢉᠡ ᠠᠮᠠᠯᠠᠯᠲᠠ ᠶ᠋ᠢ ᠣᠯᠠᠨ ᠤᠯᠤᠰ ᠤ᠋ᠨ ᠡᠮᠦᠨᠡ ᢈᠦᠯᠢᠶᠡᢉᠰᠡᠨ᠃ ᠡᠨᠡ ᢈᠦᠷᠢᠶᠡᠨ ᠳ᠋ᠦ ᠭᠠᠳᠠᠭᠠᠳᠤ ᠶ᠋ᠢᠨ ᢈᠥᠷᠦᠩᢉᠡ ᠣᠷᠤᠭᠤᠯᠤᠯᠲᠠ ᠶ᠋ᠢ ᠲᠠᠲᠠᠬᠤ ᠳ᠋ᠤ ᠡᠷᠴᠢᠮ ᢈᠦᠴᠦᠨ ᠦ᠋ ᠶᠠᠮᠤᠨ ᠠ᠋ᠴᠠ ᠣᠨᠴᠤᠭᠤᠶᠢᠯᠠᠨ ᠠᠩᠬᠠᠷᠴᠤ᠂ ᠣᠷᠤᠨ ᠨᠤᠲᠤᠭ ᠤ᠋ᠨ ᠳᠡᠳ᠋ ᠪᠦᠲᠦᠴᠡ ᠶ᠋ᠢᠨ ᠰᠢᠨᠡᠴᠢᠯᠡᠯ᠂ ᠲᠧᠻᠨᠣᠯᠣᢉᠢ ᠶ᠋ᠢᠨ ᠠᢈᠢᠴᠠ᠂ ᠠᠮᠢᠳᠤᠷᠠᠯ ᠤ᠋ᠨ ᠴᠢᠨᠠᠷ ᠢ᠋ ᠳᠡᢉᠡᢉᠰᠢᠯᠡᢉᠦᠯᢈᠦ ᠳ᠋ᠦ ᠴᠢᠬᠤᠯᠠ ᢈᠥᠰᠢᢉᠦᠷᢉᠡ ᠪᠣᠯᠬᠤᠶᠢᠴᠠ ᠪᠦᠲᠦᢉᠡᠨ ᠪᠠᠶᠢᠭᠤᠯᠤᠯᠲᠠ ᠶ᠋ᠢ ᠦᠶᠡ ᠱᠠᠲᠤ ᠲᠠᠢ ᢈᠢᠵᠦ ᠪᠠᠶᠢᠨᠠ᠃

