MN
Хаах
MN

ᠡᠷᠴᠢᠮ ᢈᠦᠴᠦᠨ ᠦ᠋ ᠶᠠᠮᠤ ᠨᠵᠤᠳᠠᠲᠤᠭ- ᠤ᠋ᠨ ᠬᠠᠮᠲᠤᠷᠠᠭᠰᠠᠨ ᠠᠵᠢᠯ ᠤ᠋ᠨ ᢈᠡᠰᠡᢉ ᠦ᠋ᠨ ᠬᠤᠷᠠᠯ ᠪᠣᠯᠤᠯ᠎ᠠ᠃

A- A A+
ᠡᠷᠴᠢᠮ ᢈᠦᠴᠦᠨ ᠦ᠋ ᠶᠠᠮᠤ ᠨᠵᠤᠳᠠᠲᠤᠭ- ᠤ᠋ᠨ ᠬᠠᠮᠲᠤᠷᠠᠭᠰᠠᠨ ᠠᠵᠢᠯ ᠤ᠋ᠨ ᢈᠡᠰᠡᢉ ᠦ᠋ᠨ ᠬᠤᠷᠠᠯ ᠪᠣᠯᠤᠯ᠎ᠠ᠃

ᠬᠠᠮᠲᠤᠷᠠᠭᠰᠠᠨ ᠠᠵᠢᠯ ᠤ᠋ᠨ ᢈᠡᠰᠡᢉ ᠦ᠋ᠨ ᠡᢉᠡᠯᠵᠢᠲᠦ ᠬᠤᠷᠠᠯᠳᠤᠭᠠᠨ (᠒᠐᠒᠕᠂᠑᠑᠂᠐᠔) ᠡᠳᠦᠷ ᠡᢈᠢᠶ᠎ᠠ-ᠨ ᠤ᠋ ᠬᠤᠷᠠᠯ ᠤ᠋ᠨ ᠲᠠᠩᢈᠢᠮ ᠳ᠋ᠤ ᠪᠣᠯᠤᠯ᠎ᠠ᠃ ᠬᠤᠷᠠᠯᠳᠤᠭᠠᠨ ᠢ᠋ ᠠᠵᠢᠯ ᠤ᠋ᠨ ᢈᠡᠰᠡᢉ ᠦ᠋ᠨ ᠠᠬᠠᠯᠠᠭᠴᠢ ᠡᢈᠢᠶ᠎ᠠ- ᠶ᠋ᠢᠨ ᠲᠥᠷᠦ ᠶ᠋ᠢᠨ ᠨᠠᠷᠢᠨ ᠪᠢᠴᠢᢉ ᠦ᠋ᠨ ᠳᠠᠷᠤᠭ᠎ᠠ ᠪᠠ᠃ ᠃  ᠶᠡᠷᠡᠨ-ᠥᠯᠵᠡᠢ᠂ ᠨᠡᠶᠢᠰᠯᠡᠯ ᠦ᠋ᠨ ᠵᠠᠰᠠᠭ ᠳᠠᠷᠤᠭ᠎ᠠ ᠶ᠋ᠢᠨ ᠡᠳ᠋ ᠦ᠋ᠨ ᠵᠠᠰᠠᠭ ᠳᠡᠳ ᠪᠦᠲᠦᠴᠡ ᠶ᠋ᠢᠨ ᠠᠰᠠᠭᠤᠳᠠᠯ ᠬᠠᠷᠢᠭᠤᠴᠠᠭᠰᠠᠨ ᠨᠢᢉᠡᠳᠦ᠋ᢉᠡᠷ ᠣᠷᠤᠯᠠᠭᠴᠢ ᠲ‍᠂ ᠳᠠᠸᠠᠳᠠᠯᠠᠢ ᠨᠠᠷᠠ ᠤᠳᠤᠷᠢᠳᠤᠨ ᠶᠠᠪᠤᠭᠤᠯᠤᠯ᠎ᠠ᠃ ᠠᠵᠢᠯ ᠤ᠋ᠨ ᢈᠡᠰᠡᢉ ᠦ᠋ᠨ ᠡᠨᠡ ᠤᠳᠠᠭ᠎ᠠ ᠶ᠋ᠢᠨ ᠬᠤᠷᠠᠯᠳᠤᠭᠠᠨ ᠢ᠋ᠶᠠᠷ ᠴᠠᢈᠢᠯᠭᠠᠨ᠂ ᠳᠤᠯᠠᠭᠠᠨ ᠤ᠋ ᠳᠡᠳ᠋ ᠪᠦᠲᠦᠴᠡ ᠶ᠋ᠢᠨ ᠠᠵᠢᠯ ᠤ᠋ᠳ ᠪᠣᠯᠬᠤ ᠲᠠᠷᠬᠠᠮᠠᠯ ᠳᠤᠯᠠᠭᠠᠨ ᠤ᠋ ᠡᢈᠢ ᠡᢉᠦᠰᠪᠦᠷᠢ ᠶ᠋ᠢᠨ ᠭᠠᠵᠠᠷ᠂ ᠴᠠᢈᠢᠯᠭᠠᠨ ᠤ᠋ ᠳᠡᠳ᠋ ᠰᠲ᠋ᠠᠨ᠋ᠼᠢ᠂ ᠳᠠᠮᠵᠢᠭᠤᠯᠬᠤ ᠱᠤᠭᠤᠮ ᠰᠦᠯᠵᠢᠶᠡᠨ ᠦ᠋ ᠭᠠᠵᠠᠷ᠂ ᠵᠢᠷᠤᠭ ᠲᠥᠰᠦᠯ ᢈᠢᢈᠦ᠂ ᢈᠥᠷᠦᠩᢉᠡ ᠣᠷᠤᠭᠤᠯᠤᠯᠲᠠ ᠶ᠋ᠢ ᠰᠢᠢᠳᢈᠦ ᠲᠡᠢ ᠬᠣᠯᠪᠤᠭᠠᠲᠠᠢ ᠵᠡᠷᢉᠡ ᠨᠡᠶᠢᠲᠡ ᠒᠐ ᠠᠰᠠᠭᠤᠳᠠᠯ ᠢ᠋ ᢈᠡᠯᠡᠯᠴᠡᠨ ᠬᠣᠯᠪᠤᠭᠳᠠᠬᠤ ᠭᠠᠵᠠᠷ ᠤ᠋ᠳ ᠲᠤ ᠡᢉᠦᠷᢉᠡ ᠴᠢᢉᠯᠡᠯ ᠥᠷᠯᠦᢉᠡ᠃  ᠡᠨᠡ ᢈᠦ ᠬᠠᠮᠲᠤᠷᠠᠭᠰᠠᠨ ᠠᠵᠢᠯ ᠤ᠋ᠨ ᢈᠡᠰᠡᢉ ᠦ᠋ᠨ ᠬᠤᠷᠠᠯ ᠨᠢ ᠨᠡᠶᠢᠰᠯᠡᠯ ᠦ᠋ᠨ ᠡᠷᠴᠢᠮ ᢈᠦᠴᠦᠨ ᠦ᠋ ᠬᠠᠩᠭᠠᠮᠵᠢ᠂ ᢈᠦᠷᠲᠡᢉᠡᠮᠵᠢ ᠶ᠋ᠢ ᠰᠠᠶᠢᠵᠢᠷᠠᠭᠤᠯᠬᠤ ᠠ᠋ᠴᠠ ᠭᠠᠳᠠᠨ᠎ᠠ ᠨᠡᠶᠢᠰᠯᠡᠯ ᠳ᠋ᠦ ᢈᠡᠷᠡᢉᠵᠢᠵᠦ ᠪᠤᠢ ᠳᠡᠳ᠋ ᠪᠦᠲᠦᠴᠡ ᠶ᠋ᠢᠨ ᠠᠵᠢᠯ ᠤ᠋ᠳ ᠤᠶᠠᠯᠳᠤᠭᠠᠲᠠᠢ ᢈᠡᠷᠡᢉᠵᠢᠵᠦ ᠵᠠᠮ ᠲᠠᠯᠠᠪᠠᠢ᠂ ᠨᠣᠭᠤᠭᠠᠨ ᠪᠠᠶᠢᠭᠤᠯᠤᠮᠵᠢ ᠡᠪᠳᠡᢈᠦ ᠵᠡᠷᢉᠡ ᠠᠰᠠᠭᠤᠳᠠᠯ ᠤ᠋ᠳ ᠭᠠᠷᠭᠠᠬᠤ ᠦᢉᠡᠢ ᠪᠠᠶᠢᠬᠤ ᠠᠴᠢ ᠬᠣᠯᠪᠤᠭᠳᠠᠯ ᠲᠠᠢ ᠶᠤᠮ᠃