ᠡᠷᠴᠢᠮ ᢈᠦᠴᠦᠨ ᠦ᠋ ᠶᠠᠮᠤᠨ ᠤ᠋ ᠲᠥᠷᠦ ᠶ᠋ᠢᠨ ᠨᠠᠷᠢᠨ ᠪᠢᠴᠢᢉ ᠦ᠋ᠨ ᠳᠠᠷᠤᠭᠠ ᠶ᠋ᠢᠨ ᠠᠯᠪᠠᠨ ᠡᢉᠦᠷᢉᠡ ᠶ᠋ᠢ ᠲᠦᠷ ᠣᠷᠤᠯᠠᠨ ᢉᠦᠶᠢᠴᠡᠳᢈᠡᢉᠴᠢ ᠪ᠂ ᠶᠡᠷᠡᠨ-ᠥᠯᠵᠡᠢ ᠶ᠋ᠢ ᠮᠣᠩᠭᠣᠯ ᠤᠯᠤᠰ ᠤ᠋ᠨ ᠵᠠᠰᠠᠭ ᠤ᠋ᠨ ᠭᠠᠵᠠᠷ ᠤ᠋ᠨ ᠑᠕᠐ ᠳ᠋ᠤᠭᠠᠷ ᠲᠣᠭᠲᠠᠭᠠᠯ ᠢ᠋ᠶᠠᠷ ᠲᠥᠷᠦ ᠶ᠋ᠢᠨ ᠨᠠᠷᠢᠨ ᠪᠢᠴᠢᢉ ᠦ᠋ᠨ ᠳᠠᠷᠤᠭᠠ ᠶ᠋ᠢᠨ ᠠᠯᠪᠠᠨ ᠳ᠋ᠤ ᠲᠣᠮᠢᠯᠠᠯᠠ᠃ ᠡᠷᠴᠢᠮ ᢈᠦᠴᠦᠨ ᠦ᠋ ᠰᠠᠶᠢᠳ ᠪ᠂ ᠴᠣᠶᠢᠵᠠᠯᠰᠦ᠋ᠷᠦᠩ ᠠᠵᠢᠯ ᠤ᠋ᠨ ᠥᠨᠳᠦᠷ ᠠᠮᠵᠢᠯᠲᠠ ᢈᠦᠰᠡᢉᠡᠳ ᠵᠠᠰᠠᠭ ᠤ᠋ᠨ ᠭᠠᠵᠠᠷ ᠠ᠋ᠴᠠ ᠳᠡᠪᠰᠢᢉᠦᠯᠦᢉᠰᠡᠨ ᠵᠣᠷᠢᠯᠲᠠ ᠶ᠋ᠢ ᢈᠡᠷᠡᢉᠵᠢᢉᠦᠯᢈᠦ ᠴᠢᠳᠠᠪᠤᠷᠢ ᠲᠥᠷᠦ ᠶ᠋ᠢᠨ ᠠᠯᠪᠠᠨ ᠳ᠋ᠤ ᠠᠵᠢᠯᠯᠠᠭᠰᠠᠨ ᠲᠤᠷᠰᠢᠯᠭᠠ᠂ᠲᠥᠷᠦ ᠶ᠋ᠢᠨ ᠠᠵᠢᠯ ᠡᢉᠦᠷᢉᠡ ᠶ᠋ᠢ ᢉᠦᠢᠴᠡᠳᢈᠡᢉᠦᠯᢈᠦ ᠳ᠋ᠦ ᠬᠤᠷᠠᠮᠲᠤᠯᠠᠭᠤᠯᠤᠭᠰᠠᠨ ᠮᠡᠳᠡᠯᢉᠡ ᠴᠢᠳᠠᠪᠤᠷᠢ᠂ ᠲᠥᠷᠦ ᠶ᠋ᠢᠨ ᠠᠯᠪᠠᠨ ᠤ᠋ ᠮᠧᠷᠢᠲ ᠵᠠᠷᠴᠢᠮ ᠢ᠋ᠶᠠᠷ ᠱᠠᠲᠤᠯᠠᠨ ᠳᠡᠪᠰᠢᠵᠦ᠂ ᠒᠐᠐᠔ ᠣᠨ ᠠ᠋ᠴᠠ ᠬᠣᠶᠢᠰᠢ ᠠᠵᠢᠯᠯᠠᠭᠰᠠᠨ ᠮᠡᠷᢉᠡᠵᠢᠯ ᠦ᠋ᠨ ᠤᠷᠠ ᠴᠢᠳᠠᠪᠤᠷᠢᠲᠠᠢ ᠲᠥᠷᠦ ᠶ᠋ᠢᠨ ᠠᠯᠪᠠᠨ ᠬᠠᠭᠠᠭᠴᠢ ᢉᠡᠳᠡᢉ ᠢ᠋ ᠨᠢ ᢈᠡᠯᠡᢉᠰᠡᠨ ᠦᢉᠡᠨ ᠳ᠋ᠦ ᠪᠡᠨ ᠣᠨᠴᠠᠯᠠᠭᠰᠠᠨ ᠶᠤᠮ᠃ ᠡᠷᠴᠢᠮ ᢈᠦᠴᠦᠨ ᠦ᠋ ᠶᠠᠮᠤᠨ ᠤ᠋ ᠲᠥᠷᠦ ᠶ᠋ᠢᠨ ᠨᠠᠷᠢᠨ ᠪᠢᠴᠢᢉ ᠦ᠋ᠨ ᠳᠠᠷᠤᠭᠠ ᠪᠠᠷ ᠲᠣᠮᠢᠯᠠᠭᠳᠠᠭᠰᠠᠨ ᠪᠠᠲᠤᠮᠥ᠋ᠩᢈᠡ ᠶ᠋ᠢᠨ ᠶᠡᠷᠡᠨ-ᠥᠯᠵᠡᠢ ᠶ᠋ᠢᠨ ᠬᠤᠪᠢ ᠳ᠋ᠤ ᠑᠙᠙᠘ ᠣᠨ ᠳ᠋ᠤ ᠥᠪᠦᠷᠬᠠᠩᠭᠠᠢ ᠠᠶᠢᠮᠠᠭ ᠤ᠋ᠨ ᠠᠷᠪᠠᠶᠢᢈᠡᢉᠡᠷ ᠬᠣᠲᠠ ᠶ᠋ᠢᠨ ᠓ ᠳ᠋ᠤᠭᠠᠷ ᠑᠐ ᠵᠢᠯ ᠦ᠋ᠨ ᠰᠤᠷᠭᠠᠭᠤᠯᠢ᠂ ᠒᠐᠐᠓ ᠣᠨ ᠳ᠋ᠤ ᠮᠣᠩᠭᠣᠯ ᠤᠯᠤᠰ ᠤ᠋ᠨ ᠰᠢᠨᠵᠢᠯᠡᢈᠦ ᠤᠬᠠᠭᠠᠨ ᠲᠧᠻᠨᠣᠯᠣᢉᠢ ᠶ᠋ᠢᠨ ᠶᠡᢈᠡ ᠰᠤᠷᠭᠠᠭᠤᠯᠢ ᠶ᠋ᠢᠨ ᠡᠷᠴᠢᠮ ᢈᠦᠴᠦᠨ ᠦ᠋ ᠰᠤᠷᠭᠠᠭᠤᠯᠢ ᠶ᠋ᠢ ᠴᠠᢈᠢᠯᠭᠠᠨ ᠰᠢᠰᠲ᠋ᠧᠮ ᠦ᠋ᠨ ᠠᠦᠲ᠋ᠤᠮᠠᠲ᠋ᠵᠢᠭᠤᠯᠤᠯᠲᠠ ᠶ᠋ᠢᠨ ᠢᠨᠵᠧᠨᠧᠷ᠂ ᠒᠐᠑᠔ ᠣᠨ ᠳ᠋ᠤ ᠠᠦ᠋ᠰᠲ᠋ᠷᠠᠯᠢᠶᠠᠨ᠋ᠰ ᠤ᠋ᠨ ᠰᠢᠳ᠋ᠨᠧᠶᠢᠨ᠋ ᠲᠧᠻᠨᠣᠯᠣᢉᠢ ᠶ᠋ᠢᠨ ᠶᠡᢈᠡ ᠰᠤᠷᠭᠠᠭᠤᠯᠢ ᠳ᠋ᠤ ᠡᠷᠴᠢᠮ ᢈᠦᠴᠦᠨ ᠦ᠋ ᠪᠣᠳᠤᠯᠭᠠ ᠲᠥᠯᠦᠪᠯᠡᠯᠲᠡ ᠮᠡᠷᢉᠡᠵᠢᠯ ᠢ᠋ᠶᠡᠷ ᠮᠠᢉᠢᠰᠲ᠋ᠷ ᠤ᠋ᠨ ᠵᠡᠷᢉᠡ ᠬᠠᠮᠠᠭᠠᠯᠠᠭᠰᠠᠨ᠃ ᠒᠐᠐᠔-᠒᠐᠐᠕ ᠣᠨ ᠳ᠋ᠤ ᠵᠠᠰᠠᠭ ᠤ᠋ᠨ ᠭᠠᠵᠠᠷ ᠤ᠋ᠨ ᢈᠡᠷᠡᢉᠵᠢᢉᠦᠯᠦᢉᠴᠢ ᠠᢉᠧᠨᠲ᠋ᠯᠢᠭ-ᠡᠷᠴᠢᠮ ᢈᠦᠴᠦᠨ ᠦ᠋ ᠭᠠᠵᠠᠷ ᠤ᠋ᠨ ᠬᠠᠷᠢᠶᠠ ᠡᠷᠴᠢᠮ ᢈᠦᠴᠦᠨ ᠦ᠋ ᠰᠤᠷᠭᠠᠯᠲᠠ ᠶ᠋ᠢᠨ ᠲᠥᠪ ᠲᠦ ᠢᠨᠵᠧᠨᠧᠷ ᠪᠠᠭᠰᠢ᠂ ᠒᠐᠐᠕-᠒᠐᠐᠙ ᠣᠨ ᠳ᠋ᠤ ᠲᠦᠯᠡᠰᠢ ᠡᠷᠴᠢᠮ ᢈᠦᠴᠦᠨ ᠦ᠋ ᠶᠠᠮᠤᠨ ᠤ᠋ ᠬᠠᠷᠢᠶᠠ ᠡᠷᠴᠢᠮ ᢈᠦᠴᠦᠨ ᠦ᠋ ᠰᠤᠳᠤᠯᠭᠠᠨ ᠤ᠋ ᠲᠥᠪ ᠲᠦ ᠰᠤᠳᠤᠯᠤᠭᠠᠴᠢ᠂ ᠢᠨᠵᠧᠨᠧᠷ᠂ ᠒᠐᠐᠙-᠒᠐᠑᠐ ᠣᠨ ᠳ᠋ᠤ ᠵᠠᠰᠠᠭ ᠤ᠋ᠨ ᠭᠠᠵᠠᠷ ᠤ᠋ᠨ ᢈᠡᠷᠡᢉᠵᠢᢉᠦᠯᠦᢉᠴᠢ ᠠᢉᠧᠨᠲ᠋ᠯᠢᠭ-ᠡᠷᠴᠢᠮ ᢈᠦᠴᠦᠨ ᠦ᠋ ᠭᠠᠵᠠᠷ ᠤ᠋ᠨ ᠰᠤᠳᠤᠯᠭᠠ᠂ᠮᠡᠳᠡᢉᠡᠯᠡᠯ᠂ ᠦᠨᠡᠯᠡᢉᠡᠨ ᠦ᠋ ᢈᠡᠯᠲᠡᠰ ᠲᠦ ᠮᠡᠷᢉᠡᠵᠢᠯᠲᠡᠨ᠂ ᠒᠐᠑᠐-᠒᠐᠑᠒ ᠣᠨ ᠳ᠋ᠤ ᠡᠷᠦᠳᠡᠰᠦ ᠪᠠᠶᠠᠯᠢᠭ᠂ ᠡᠷᠴᠢᠮ ᢈᠦᠴᠦᠨ ᠦ᠋ ᠶᠠᠮᠤᠨ ᠤ᠋ ᠪᠣᠳᠤᠯᠭᠠ ᠲᠥᠯᠦᠪᠯᠡᠯᠲᠡ ᠶ᠋ᠢᠨ ᠭᠠᠵᠠᠷ ᠮᠡᠷᢉᠡᠵᠢᠯᠲᠡᠨ ᠒᠐᠑᠒-᠒᠐᠒᠕ ᠣᠨ ᠳ᠋ᠤ ᠡᠷᠴᠢᠮ ᢈᠦᠴᠦᠨ ᠦ᠋ ᠶᠠᠮᠤᠨ ᠤ᠋ ᠪᠣᠳᠤᠯᠭᠠ ᠲᠥᠯᠦᠪᠯᠡᠯᠲᠡ ᠶ᠋ᠢᠨ ᠭᠠᠵᠠᠷ ᠲᠤ ᠠᠬᠠᠯᠠᠬᠤ ᠮᠡᠷᢉᠡᠵᠢᠯᠲᠡᠨ᠂ᢈᠡᠯᠲᠡᠰ ᠦ᠋ᠨ ᠳᠠᠷᠤᠭᠠ᠂ ᠭᠠᠵᠠᠷ ᠤ᠋ᠨ ᠳᠠᠷᠤᠭᠠ᠂ ᠲᠥᠷᠦ ᠶ᠋ᠢᠨ ᠨᠠᠷᠢᠨ ᠪᠢᠴᠢᢉ ᠦ᠋ᠨ ᠳᠠᠷᠤᠭᠠ ᠶ᠋ᠢᠨ ᠠᠯᠪᠠᠨ ᠡᢉᠦᠷᢉᠡ ᠶ᠋ᠢ ᠲᠦᠷ ᠣᠷᠤᠯᠠᠨ ᢉᠦᠶᠢᠴᠡᠳᢈᠡᢉᠴᠢ ᠪᠡᠷ ᠲᠤᠰ ᠲᠤᠰ ᠠᠵᠢᠯᠯᠠᠵᠤ ᠪᠠᠶᠢᠭᠰᠠᠨ᠃