MN
Хаах
MN

ᠪᠠᠶᠢᠭᠠᠯᠢ᠂ ᠴᠠᠭ ᠠᠭᠤᠷ ᠤ᠋ᠨ ᠨᠥᢈᠦᠴᠡᠯ

ᠠᠭᠤᠯᠠ ᠵᠦᠢ

ᠹᠢᠽᠢᠻ ᠭᠠᠵᠠᠷᠵᠦᠢ ᠶ᠋ᠢᠨ ᠮᠤᠵᠢᠯᠠᠯ ᠢ᠋ᠶᠠᠷ ᠭᠣᠪᠢ-ᠠᠯᠲᠠᠢ ᠶ᠋ᠢᠨ ᠨᠢᠷᠤᠭᠤᠨ ᠤ᠋ ᠵᠡᢉᠦᠨ ᠬᠣᠶᠢᠳᠤ ᠦᠷᢉᠦᠯᠵᠢᠯᠡᠯ ᠪᠣᠯᠬᠤ ᠶᠡᢈᠡ ᠱᠠᠩᠬᠤ ᠶ᠋ᠢᠨ ᠨᠢᠷᠤᠭᠤᠨ ᠤ᠋ ᠠᠭᠤᠯᠠᠷᠬᠠᠭ ᢈᠡᠰᠡᢉ ᠦ᠋ᠨ ᠲᠥᠪ ᢈᠡᠰᠡᢉ ᠲᠦ ᠠᠭᠤᠯᠠᠰ ᠬᠣᠭᠤᠷᠤᠨᠳᠤ ᠶ᠋ᠢᠨ ᠬᠣᠲᠤᠭᠤᠷ ᠪᠣᠯᠬᠤ ᠤᠯᠠᠭᠠᠨ ᠨᠠᠭᠤᠷ ᠤ᠋ᠨ ᢈᠥᠨᠳᠡᠢ ᠳ᠋ᠦ ᠣᠷᠤᠰᠢᠳᠠᠭ᠃  ᠣᠷᠳᠤ ᠨᠢ ᠨᠠᠮᠬᠠᠨ ᠲᠣᠯᠤᠭᠠᠢ ᠨᠤᠭᠤᠳ ᠢ᠋ᠢᠠᠷ ᢈᠦᠷᠢᠶᠡᠯᠡᢉᠳᠡᠨ ᠬᠠᠭᠠᠰ ᠴᠥᠯ ᠦ᠋ᠨ ᠪᠦᠰᠡ ᠳ᠋ᠦ᠂ ᠳᠠᠯᠠᠢ ᠶ᠋ᠢᠨ ᠲᠦᠪᠰᠢᠨ ᠡᠴᠡ ᠳᠡᢉᠡᢉᠰᠢ ᠑᠔᠙᠐-᠑᠕᠙᠐ᠮ-ᠡᠶᠢᠨ ᠥᠨᠳᠦᠷ ᠲᠦ ᠪᠠᠶᠢᠷᠢᠯᠠᠳᠠᠭ᠃  ᠤᠯᠠᠭᠠᠨ ᠨᠠᠭᠤᠷ ᠤ᠋ᠨ ᢈᠥᠨᠳᠡᠢ ᠨᠢ ᠪᠠᠭ᠎ᠠ ᠵᠡᠷᢉᠡ ᠶ᠋ᠢᠨ ᠳᠣᠪᠤᠷᠬᠠᠭ ᠭᠠᠳᠠᠷᠭᠤ ᠲᠠᠢ᠂ ᠬᠠᠷᠢᠴᠠᠩᠭᠤᠢ ᠥᠨᠳᠦᠷᠵᠢᠯᠲᠡ ᠨᠢ ᠕-᠒᠐ᠮ ᠪᠠᠶᠢᠨ᠎ᠠ᠃

ᠲᠤᠰ ᠪᠦᠰᠡ ᠨᠤᠲᠤᠭ ᠨᠢ ᠲᠥᠪ ᠠᠽᠢ ᠶ᠋ᠢᠨ ᠭᠠᠳᠠᠭᠰᠢ ᠪᠠᠨ ᠤᠷᠤᠰᠬᠠᠯ ᠦᢉᠡᠢ ᠠᠢ ᠰᠠᠪᠠ ᠳ᠋ᠤ ᠬᠠᠮᠢᠶᠠᠷᠬᠤ ᠪᠥᢉᠡᠳ ᠮᠣᠩᠭᠣᠯ ᠣᠷᠤᠨ ᠤ᠋ ᠬᠠᠮᠤᠭ ᠤ᠋ᠨ ᠭᠠᠩ ᠲᠠᠢ ᠪᠦᠰᠡ ᠨᠤᠲᠤᠭ ᠤ᠋ᠨ ᠨᠢᢉᠡ ᠶᠠᠭᠤᠮ᠎ᠠ᠃  ᠭᠣᠣᠯ ᠮᠥᠷᠡᠨ ᠦ᠋ ᠰᠦᠯᠵᠢᠶ ᠡᠨ ᠦ᠋ ᠨᠢᠭᠲᠠᠰᠢᠯ ᠐᠂᠐-᠐᠂ ᠐᠕ᠻᠮ᠒ ᠳᠣᠲᠤᠷ᠎ᠠ ᢈᠡᠯᠪᠡᠯᠵᠡᠳᠡᢉ᠃  ᢈᠦᠮᠦᠨ ᠮᠠᠯ ᠤ᠋ᠨ ᠤᠮᠳᠠᠨ ᠳ᠋ᠤ ᠭᠣᠣᠯᠯᠠᠨ ᠬᠤᠳᠳᠤᠭ ᠤ᠋ᠨ ᠤᠰᠤ ᢈᠡᠷᠡᢉᠯᠡᢈᠦ ᠪᠥᢉᠡᠳ ᠵᠠᠯᠠᠭᠤ ᠬᠠᠭᠠᠷᠠᠯ ᠤ᠋ᠳ ᠳᠠᠭᠠᠭᠰᠠᠨ ᠳᠥᠷᠪᠡᠳᠡᢉᠴᠢ ᠶ᠋ᠢᠨ ᠬᠤᠷᠳᠤᠰᠤᠨ ᠳ᠋ᠤ ᠭᠠᠷ ᠪᠣᠯᠤᠨ ᠥᠷᠦᠮᠳᠡᠮᠡᠯ ᠬᠤᠳᠳᠤᠭ ᠤ᠋ᠳ ᠭᠠᠷᠭᠠᠭᠰᠠᠨ ᠪᠠᠶᠢᠳᠠᠭ᠃  ᠤᠰᠤ ᠨᠢ ᠡᠷᠦᠳᠡᠰᠦᠵᠢᠯᠲᠡ ᠶᠡᢈᠡᠲᠡᠢ᠃  ᠬᠠᠷᠢᠨ ᢉᠦᠨ ᠦ᠋ ᠬᠤᠳᠳᠤᠭ ᠤ᠋ᠨ ᠤᠰᠤ ᠨᠢ ᠬᠠᠷᠢᠴᠠᠩᠭᠤᠢ ᠰᠠᠶᠢᠨ ᠴᠢᠨᠠᠷ ᠲᠠᠢ᠃  ᠲᠠᠪᠤᠨᠲᠣᠯᠤᠭᠠᠢ ᠶ᠋ᠢᠨ ᠣᠷᠳᠤ ᠭᠠᠵᠠᠷ ᠪᠠᠶᠢᠷᠢᠯᠠᠬᠤ ᠲᠠᠯᠠᠪᠠᠢ ᠶ᠋ᠢᠨ ᢈᠡᠮᠵᠢᠶᠡᠨ ᠳ᠋ᠦ ᠪᠠᠶᠢᠩᠭᠤ ᠶ᠋ᠢᠨ ᠤᠷᠤᠰᠬᠠᠯ ᠤᠰᠤ ᠪᠠᠶᠢᠬᠤ ᠦᢉᠡᠢ ᠪᠠ ᠬᠤᠷ ᠪᠣᠷᠤᠭ᠎ᠠ ᠡᠯᠪᠡᢉ ᠦᠶ᠎ᠡ ᠳ᠋ᠦ ᠬᠠᠭᠤᠷᠠᠢ ᠰᠠᠶᠢᠷ ᠵᠢᠯᠠᠭ᠎ᠠ ᠨᠢ ᠲᠦᠷ ᠵᠠᠭᠤᠷ᠎ᠠ ᠶ᠋ᠢᠨ ᠤᠷᠤᠰᠬᠠᠯ ᠤᠰᠤ ᠲᠠᠢ ᠪᠣᠯᠬᠤ ᠪᠠ ᠠᠭᠤᠯᠠᠰ ᠬᠣᠭᠤᠷᠤᠨᠳᠤ ᠶ᠋ᠢᠨ ᢈᠥᠨᠳᠡᠢ᠂ ᠬᠣᠲᠤᠭᠤᠷ ᠤ᠋ᠳ ᠲᠤ ᠲᠦᠷ ᠵᠠᠭᠤᠷ᠎ᠠ ᠶ᠋ᠢᠨ ᠳᠠᠪᠤᠰᠤᠷᠬᠠᠭ ᠨᠠᠭᠤᠷ ᠤ᠋ᠳ ᠡᢉᠦᠰᠳᠡᢉ᠃  ᠣᠷᠳᠤ ᠣᠷᠴᠢᠮ ᠳ᠋ᠤ ᠣᠷᠤᠰᠢᠬᠤ ᠪᠠᠶᠢᠩᠭᠤ ᠶ᠋ᠢᠨ ᠤᠷᠤᠰᠬᠠᠯ ᠲᠠᠢ ᠭᠣᠣᠯ ᠨᠢ ᠣᠷᠳᠤ ᠶ᠋ᠢᠨ ᠲᠠᠯᠠᠪᠠᠢ ᠠ᠋ᠴᠠ ᠒᠒᠐ᠻᠮ ᠵᠠᠢ ᠳ᠋ᠤ ᠒᠙᠖᠐ᠮ ᠥᠨᠳᠦᠷ ᠲᠦ ᠣᠷᠤᠰᠢᠬᠤ ᠣᠩᢉᠢ ᠭᠣᠣᠯ ᠪᠥᢉᠡᠳ ᢈᠥᠷᠦᠰᠦᠨ ᠦ᠋ ᠤᠰᠤ ᠨᠢ ᠖ᠮ ᢉᠦᠨ ᠳ᠋ᠦ ᠪᠠᠶᠢᠳᠠᠭ᠃  ᠲᠤᠬᠠᠢ ᠶ᠋ᠢᠨ ᠠᠶᠢᠮᠠᠭ ᠤ᠋ᠨ ᠭᠠᠵᠠᠷ ᠨᠤᠲᠤᠭ ᠤ᠋ᠨ ᠶᠡᢈᠡᠩᢈᠢ ᢈᠡᠰᠡᢉ ᠲᠦ (᠗᠑᠂᠒%) ᠤᠷᠤᠰᠤᠴᠠ ᠶ᠋ᠢᠨ ᠮᠣᠳᠦᠯᠢ ᠨᠢ ᠐᠂᠐᠒-᠐᠂᠑ᠯ/ᠰ‍᠂ᠻᠮᠦ᠂ ᠤᠰᠤᠨ ᠤ᠋ ᠨᠥᢉᠡᠴᠡ ᠶ᠋ᠢᠨ ᠫᠣᠲ᠋ᠧᠨᠼᠢᠶᠠᠯ ᠤ᠋ᠨ ᢈᠡᠮᠵᠢᠶ᠎ᠡ ᠓᠙᠗᠂᠑ᠰᠠᠶᠢ᠃ ᠮ᠓/ᠵᠢᠯ᠃  ᠡᢉᠦᠨ ᠡᠴᠡ ᠤᠰᠤᠨ ᠤ᠋ ᠨᠥᢉᠡᠴᠡ ᠶ᠋ᠢᠨ ᠫᠣᠲ᠋ᠧᠨᠼᠢᠶᠠᠯ ᠠᠰᠢᠭᠯᠠᠯᠲᠠ ᠙᠙ ᠑ᠰᠠᠶᠢ᠃ ᠮ᠓/ᠵᠢᠯ ᠪᠤᠶᠤ ᠒᠕% ᠪᠠ ᠮᠣᠩᠭᠣᠯ ᠤᠯᠤᠰ ᠤ᠋ᠨ ᠤᠰᠤᠨ ᠤ᠋ ᠨᠥᢉᠡᠴᠡ ᠶ᠋ᠢ ᠨᠢᢉᠡᠳᠦᠮᠡᠯ ᠢ᠋ᠶᠡᠷ ᠠᠰᠢᠭᠯᠠᠬᠤ᠂ ᠬᠠᠮᠠᠭᠠᠯᠠᠬᠤ ᠶᠡᠷᠦᠩᢈᠡᠢ ᠲᠥᠰᠦᠯ ᠳ᠋ᠦ ᠲᠤᠰᠬᠠᠭᠳᠠᠭᠰᠠᠨ ᠢ᠋ᠶᠠᠷ ᠨᠡᠶᠢᠲᠡ ᠤᠷᠤᠰᠴᠠ ᠶ᠋ᠢᠨ ᠗᠕% ᠨᠢ ᠲᠦᠷ ᠵᠠᠭᠤᠷ᠎ᠠ ᠶ᠋ᠢᠨ ᠤᠷᠤᠰᠠᠴᠠ ᠶ᠋ᠢᠨ ᠰᠦᠯᠵᠢᠶ᠎ᠡ ᠪᠠᠶᠢᠳᠠᠭ᠃  ᠲᠡᠶᠢᠮᠦ ᠡᠴᠡ ᠤᠷᠤᠰᠠᠴᠠ ᠶ᠋ᠢᠨ ᠲᠣᢈᠢᠷᠠᠭᠤᠯᠭ᠎ᠠ ᢈᠢᢈᠦ᠂ ᠲᠥᠪ ᠦ᠋ᠨ ᠳᠡᢉᠦᠷᢉᠡ ᠶ᠋ᠢᠨ ᠲᠣᠮᠤᠬᠠᠨ ᠭᠣᠣᠯ ᠤ᠋ᠳ ᠠ᠋ᠴᠠ ᠤᠰᠤ ᠲᠠᠲᠠᠨ ᠤᠰᠤᠨ ᠰᠠᠩ ᠪᠠᠶᠢᠭᠤᠯᠬᠤ ᠵᠠᠮ ᠢ᠋ᠶᠠᠷ ᠲᠣᠮᠤᠬᠠᠨ ᢈᠡᠷᠡᢉᠯᠡᢉᠴᠢ ᠶ᠋ᠢ ᠬᠠᠩᠭᠠᠵᠤ ᠪᠣᠯᠬᠤ ᠶᠤᠮ ᢉᠡᠵᠦ ᠮᠣᠩᠭᠣᠯ ᠤᠯᠤᠰ ᠤ᠋ᠨ ᠤᠰᠤᠨ ᠤ᠋ ᠨᠥᢉᠡᠴᠡ ᠶ᠋ᠢ ᠨᠢᢉᠡᠳᠦᠮᠡᠯ ᠢ᠋ᠶᠡᠷ ᠠᠰᠢᠭᠯᠠᠬᠤ᠂ ᠬᠠᠮᠠᠭᠠᠯᠠᠬᠤ ᠶᠡᠷᠦᠩᢈᠡᠢ ᠰᢈᠧᠮ ᠳ᠋ᠦ ᠲᠤᠰᠬᠠᠭᠳᠠᠭᠰᠠᠨ ᠪᠠᠶᠢᠳᠠᠭ᠃

ᠴᠠᠭ ᠠᠭᠤᠷ

ᠣᠷᠳᠤ ᠶ᠋ᠢᠨ ᠲᠠᠯᠠᠪᠠᠢ ᠨᠢ ᠴᠠᠭ ᠠᠭᠠᠷ ᠤ᠋ᠨ ᠮᠤᠵᠢᠯᠠᠯ ᠤ᠋ᠨ ᠬᠤᠪᠢ ᠳ᠋ᠤ ᠬᠠᠯᠠᠭᠤᠨ ᠵᠤᠨ ᠲᠠᠢ᠂ ᠬᠠᠭᠤᠷᠠᠶᠢᠪᠲᠤᠷ ᠠᠭᠤᠷ ᠠᠮᠢᠰᠬᠤᠯ ᠤ᠋ᠨ ᠮᠤᠵᠢ ᠨᠤᠭᠤᠳ᠂ ᠴᠠᠰᠤ ᠦᢉᠡᠢ ᠵᠢᠩᠳᠡᠦ ᢈᠦᠢᠲᠡᠨ ᠡᠪᠦᠯ ᠲᠡᠢ ᠳᠡᠳ᠋ ᠮᠤᠵᠢ ᠳ᠋ᠤ ᠬᠠᠮᠢᠶᠠᠷᠤᠨ᠎ᠠ᠃ ᠬᠠᠷᠢᠨ ᠬᠠᠪᠤᠷ᠂ ᠨᠠᠮᠤᠷ ᠤ᠋ᠨ ᠤᠯᠠᠷᠢᠯ ᠳ᠋ᠤ ᠴᠠᠭ ᠠᠭᠠᠷ ᠶᠡᢈᠡᢈᠡᠨ ᠲᠣᠭᠲᠠᠪᠤᠷᠢ ᠦᢉᠡᠢ ᠪᠠᠶᠢᠩᠭᠤ ᠥᢉᠡᠷᠡᠴᠢᠯᠡᢉᠳᠡᠵᠦ ᠪᠠᠶᠢᠳᠠᠭ᠃  ᠣᠯᠠᠨ ᠵᠢᠯ ᠦ᠋ᠨ ᠰᠤᠳᠤᠯᠭᠠᠨ ᠠ᠋ᠴᠠ ᠬᠠᠷᠠᠬᠤ ᠳ᠋ᠤ ᠳᠤᠯᠠᠭᠠᠨ ᠡᠳᠦᠷ ᠦ᠋ᠨ ᠳᠤᠨᠳᠠᠵᠢ ᠲᠧᠮᠫᠧᠷᠠᠲ᠋ᠦᠷ ᠒᠐᠂᠒°ᠰ᠂ ᢈᠦᠶᠢᠲᠡᠨ ᠡᠳᠦᠷ ᠦ᠋ᠨ ᠳᠤᠨᠳᠠᠵᠢ ᠲᠧᠮᠫᠧᠷᠠᠲ᠋ᠦᠷ ᠨᠢ -᠑᠑᠂᠕°ᠰ ᠪᠠᠶᠢᠳᠠᠭ᠃  ᠵᠢᠯ ᠦ᠋ᠨ ᠳᠤᠨᠳᠠᠵᠢ ᠠᠭᠠᠷ ᠤ᠋ᠨ ᠲᠧᠮᠫᠧᠷᠠᠲ᠋ᠦᠷ ᠨᠢ +᠔-᠖°ᠰ᠂ ᠬᠠᠮᠤᠭ ᠤ᠋ᠨ ᠬᠠᠯᠠᠭᠤᠨ ᠗-ᠷ ᠰᠠᠷᠳ᠋ +᠔᠐°ᠰ᠂ ᠬᠠᠮᠤᠭ ᠤ᠋ᠨ ᢈᠦᠶᠢᠲᠡᠨ ᠨᠢ ᠑᠒-ᠷ ᠰᠠᠷᠳ᠋ -᠓᠘°ᠰ ᢈᠦᠷᠳᠡᢉ ᠪᠠᠶᠢᠨ᠎ᠠ᠃  ᠠᠭᠠᠷ ᠤ᠋ᠨ ᠴᠢᢉᠢᢉ ᠪᠠᠭᠠᠲᠠᠢ᠂ ᠵᠢᠯ ᠳ᠋ᠦ ᠳᠤᠨᠳᠠᠵᠢ ᠪᠠᠷ ᠔᠕-᠕᠐% ᠪᠠᠶᠢᠨ᠎ᠠ᠃  ᠰᠠᠯᢈᠢᠨ ᠤ᠋ ᠬᠤᠷᠳᠤ ᠔-᠖ ᠮ/ᠰ᠂ ᠵᠢᠯ ᠳ᠋ᠦ ᠳᠤᠮᠳᠠᠵᠢ ᠪᠠᠷ ᠓᠐-᠓᠕ ᠬᠣᠨᠤᠭ ᢈᠦᠴᠦ ᠲᠡᠢ ᠴᠠᠰᠤᠨ ᠪᠣᠯᠤᠨ ᠰᠢᠷᠤᠶᠢᠨ ᠰᠢᠭᠤᠷᠭ᠎ᠠ ᠲᠠᠢ ᠡᠳᠦᠷ ᠦ᠋ᠳ ᠲᠣᢈᠢᠶᠠᠯᠳᠤᠳᠠᠭ᠃  ᠡᠪᠦᠯ ᠴᠠᠰᠤ ᠮᠠᠰᠢ ᠪᠠᠭ᠎ᠠ ᠤᠨᠤᠳᠠᠭ᠂ ᠳᠤᠮᠳᠠᠵᠢ ᠪᠠᠷ ᠑-ᠢᠰᠮ᠂ ᠬᠠᠮᠤᠭ ᠤ᠋ᠨ ᠶᠡᢈᠡᠳᠡᢉᠡ ᠑᠐ᠰᠮ ᠵᠤᠵᠠᠭᠠᠨ ᠴᠠᠰᠤᠨ ᠪᠦᠷᢈᠦᢉᠦᠯ ᠲᠣᠭᠲᠠᠨ᠎ᠠ᠃  ᠲᠠᠪᠤᠨᠲᠣᠯᠤᠭᠠᠢ ᠶ᠋ᠢᠨ ᠷᠠᠶᠣᠨ ᠳ᠋ᠤ ᠪᠠᠷᠠᠭᠤᠨ ᠬᠣᠶᠢᠳᠤ ᠪᠣᠯᠤᠨ ᠪᠠᠷᠠᠭᠤᠨ ᠵᠦᢉ ᠡᠴᠡ ᠨᠣᠶᠠᠯᠠᠬᠤ ᠰᠠᠯᢈᠢ ᠲᠠᠢ᠃  ᠰᠠᠯᢈᠢᠨ ᠤ᠋ ᠳᠤᠨᠳᠠᠵᠢ ᠬᠤᠷᠳᠤ ᠗᠂᠕ᠮ/ᠰᠧᠻ᠂ ᠬᠠᠮᠤᠭ ᠤ᠋ᠨ ᠶᠡᢈᠡ ᠬᠤᠷᠳᠤ ᠕᠐᠂᠐ᠮ/ᠰᠧᠻ ᠪᠠᠶᠢᠨ᠎ᠠ᠃  ᠵᠢᠯ ᠳ᠋ᠦ ᠑᠕ᠮᠮᠮ ᠬᠤᠷ᠎ᠠ ᠲᠤᠨᠳᠠᠰᠤ ᠤᠨᠠᠳᠠᠭ ᠤ᠋ᠨ ᠗᠐ ᠬᠤᠪᠢ ᠨᠢ ᠖-ᠷ ᠰᠠᠷ᠎ᠠ ᠠ᠋ᠴᠠ ᠙-ᠷ ᠰᠠᠷ᠎ᠠ ᠳ᠋ᠤ ᠤᠨᠠᠳᠠᠭ ᠪᠠᠶᠢᠨ᠎ᠠ᠃

ᠤᠷᠭᠤᠮᠠᠯ ᠤ᠋ᠨ ᠠᠶᠢᠮᠠᠭ

ᠣᠷᠳᠤ ᠣᠷᠤᠰᠢᠬᠤ ᠪᠦᠰᠡ ᠨᠤᠲᠤᠭ ᠤ᠋ᠨ ᢈᠡᠮᠵᠢᠶᠡᠨ ᠳ᠋ᠦ ᠤᠷᠭᠤᠮᠠᠯ ᠤ᠋ᠨ ᠪᠦᠷᢈᠦᠪᠴᠢ ᠪᠠᠭᠠᠲᠠᠢ ᠭᠠᠩ ᠬᠠᠯᠠᠭᠤᠨ ᠳ᠋ᠤ ᠲᠡᠰᠪᠦᠷᠢᠲᠡᠢ᠂ᠰᠢᠮ᠎ᠡ ᠲᠡᠵᠢᢉᠡᠯ ᠰᠠᠶᠢᠲᠠᠢ᠂ ᠵᠢᠵᠢᢉ ᠨᠠᠪᠴᠢᠲᠤ ᠲᠠᠴᠢᠷ ᠤᠷᠭᠤᠮᠠᠯ ᠭᠣᠣᠯᠯᠠᠭᠰᠠᠨ ᠒᠕᠐ ᠭᠠᠷᠤᠢ ᠲᠥᠷᠦᠯ ᠦ᠋ᠨ ᠤᠷᠭᠤᠮᠠᠯ ᠲᠠᠢ ᠪᠥᢉᠡᠳ ᠲᠡᢉᠦᠨ ᠦ᠋ ᠳᠣᠲᠤᠷ᠎ᠠ ᠬᠤᠨᠴᠢᠷ᠂ ᠠᠯᠲᠠᠨ ᠦᠨᠳᠦᠰᠦ᠂ ᠳ᠋ᠢᢉᠳᠡ᠂ ᠰᠡᠷᠵᠢᠮᠢᠳᠣᠭ ᠵᠡᠷᢉᠡ ᠣᠯᠠᠨ ᠲᠥᠷᠦᠯ ᠦ᠋ᠨ ᠡᠮ ᠦ᠋ᠨ ᠤᠷᠭᠤᠮᠠᠯ ᠡᠯᠪᠡᢉ᠃  ᠬᠠᠷᠠᠮᠠᠭ᠂ ᠭᠣᠶᠤᠭ᠎ᠠ᠂ ᠴᠤᠯᢈᠢᠷ ᠵᠡᠷᢉᠡ ᠠᠮᠲᠠᠯᠢᠭ ᠤᠷᠭᠤᠮᠠᠯ᠂ ᠬᠠᠶᠢᠯᠠᠰᠤ᠂ ᠵᠠᠭ᠂ ᠲᠣᠣᠷᠠᠢ᠂ ᠵᠢᢉᠳᠡ ᢉᠡᢈᠦ ᠮᠡᠲᠦ ᠮᠣᠳᠤ ᠤᠷᠭᠤᠳᠠᠭ᠃

ᠠᠮᠢᠲᠠᠨ ᠤ᠋ ᠠᠶᠢᠮᠠᠭ

ᠠᠮᠢᠲᠠᠨ ᠤ᠋ ᠠᠶᠢᠮᠠᠭ ᠠ᠋ᠴᠠ ᠬᠠᠷ᠎ᠠ ᠰᠡᢉᠦᠯᠲᠦ᠂ ᠴᠠᠭᠠᠨ ᠵᠡᢉᠡᠷᠡ᠂ ᠬᠤᠯᠠᠨ ᠵᠡᠷᢉᠡ ᠲᠤᠭᠤᠷᠠᠶᠢᠲᠠᠨ᠂ ᠠᠯᠠᠭ ᠳᠠᠭ᠎ᠠ᠂ ᠰᠢᠷ᠎ᠠ ᠰᠡᢉᠦᠯᠲᠦ᠂ ᠪᠣᠵᠤᠯᠤᠭ᠂ ᢈᠡᢉᠡᠷ᠎ᠡ ᠶ᠋ᠢᠨ ᠪᠣᠷᠤ ᠣᠭᠤᠲᠤᠨᠤ᠂ ᠲᠠᠤᠯᠠᠢ ᠵᠡᠷᢉᠡ ᠮᠡᠷᠡᢉᠴᠢ᠂ ᠦᠨᠡᢉᠡ᠂ ᢈᠢᠷᠰ ᠵᠡᠷᢉᠡ ᠮᠢᠬᠠᠴᠢᠨ᠂ ᠲᠠᠭᠲᠠᠭ᠎ᠠ᠂ ᠪᠣᠷᠤ ᠰᠢᠪᠠᠭᠤ᠂ ᠬᠤᠯᠠᠨ ᠵᠢᠷᠤᠭ᠎ᠠ᠂ ᠢᠲᠠᠭᠤ᠂ ᠨᠣᠭᠲᠤᠷᠤ᠂ ᠬᠣᠩ ᢈᠡᠷᠢᠶ᠎ᠡ᠂ ᠰᠠᠷ᠎ᠠ ᠵᠡᠷᢉᠡ ᠪᠠᠶᠢᠩᠭᠤ ᠨᠤᠲᠤᠭᠯᠠᠳᠠᠭ ᠵᠢᢉᠦᠷᠲᠡᠨ ᠰᠢᠪᠠᠭᠤᠳ ᠲᠠᠢ᠃  ᠮᠥᠨ ᠢᠮᠠᠭᠠᠨ ᠤᠭᠤᠴᠠ᠂ ᠠᠷᠪᠠᠯᠠᠵᠤ ᠵᠡᠷᢉᠡ ᠬᠣᠣᠷᠲᠠᠨ ᠱᠠᠪᠢᠵᠤ ᠲᠠᠭᠠᠷᠠᠯᠳᠤᠨ᠎ᠠ᠃