ᠨᠡᠶᠢᠰᠯᠡᠯ ᠤᠯᠠᠭᠠᠨᠪᠠᠭᠠᠲᠤᠷ ᠬᠣᠲᠠ ᠠ᠋ᠴᠠ ᠕᠗᠐ᠻᠮ ᠵᠠᠢ ᠳ᠋ᠤ ᠪᠠᠶᠢᠷᠢᠯᠠᠬᠤ ᠲᠠᠪᠤᠨᠲᠣᠯᠤᠭᠠᠢ ᠳᠤᠯᠠᠭᠠᠨ ᠤ᠋ ᠴᠠᢈᠢᠯᠭᠠᠨ ᠰᠲ᠋ᠠᠨ᠋ᠼᠢ ᠨᠢ ᠲᠠᠪᠤᠨᠲᠣᠯᠤᠭᠠᠢ ᠶ᠋ᠢᠨ ᠨᠡᢉᠦᠷᠡᠰᠦᠨ ᠦ᠋ ᠠᠭᠤᠷᠬᠠᠢ ᠲᠠᠢ ᠵᠠᠯᠭᠠᠭᠠ ᠪᠠᠶᠢᠷᠢᠯᠠᠬᠤ ᠪᠥᢉᠡᠳ ᠮᠣᠩᠭᠣᠯ ᠤᠯᠤᠰ ᠤ᠋ᠨ ᠡᠮᠦᠨᠡ ᠶ᠋ᠢᠨ ᠪᠦᠰᠡ᠂ ᠡᠮᠦᠨᠡᠭᠣᠪᠢ ᠠᠶᠢᠮᠠᠭ ᠤ᠋ᠨ ᠴᠣᠭᠲᠤᠴᠡᠴᠡᠢ ᠰᠤᠮᠤ ᠶ᠋ᠢᠨ ᠲᠥᠪ ᠡᠴᠡ ᠤᠷᠤᠭᠰᠢ ᠖ᠻᠮ ᠵᠠᠢ ᠳ᠋ᠤ᠂ ᠡᠮᠦᠨᠡᠭᠣᠪᠢ ᠠᠶᠢᠮᠠᠭ ᠤ᠋ᠨ ᠲᠥᠪ ᠳᠠᠯᠠᠨᠵᠠᠳᠠᠭᠠᠳ ᠠ᠋ᠴᠠ ᠵᠡᢉᠦᠨ ᠵᠦᢉ ᠲᠦ ᠑᠐᠐ᠻᠮ ᠵᠠᠢ ᠳ᠋ᠤ᠂ ᢈᠢᠲᠠᠳ ᠤ᠋ᠨ ᢈᠢᠯᠢ ᠡᠴᠡ ᠬᠣᠶᠢᠳᠤ ᠵᠦᢉ ᠲᠦ ᠒᠓᠐ᠻᠮ ᠵᠠᠢ ᠳ᠋ᠤ᠂ ᠣᠶᠤᠲᠤᠯᠤᠭᠠᠢ ᠶ᠋ᠢᠨ ᠵᠡᠰ ᠠᠯᠲᠠᠨ ᠤ᠋ ᠣᠷᠳᠤ ᠠ᠋ᠴᠠ ᠣᠶᠢᠷᠠᠯᠴᠠᠭᠠ ᠪᠠᠷ ᠑᠓᠘ᠻᠮ ᠵᠠᠢ ᠳ᠋ᠤ ᠪᠠᠶᠢᠷᠢᠯᠠᠨᠠ᠃ ᠲᠠᠪᠤᠨᠲᠣᠯᠤᠭᠠᠢ ᠶ᠋ᠢᠨ ᠳᠤᠯᠠᠭᠠᠨ ᠤ᠋ ᠴᠠᢈᠢᠯᠭᠠᠨ ᠰᠲ᠋ᠠᠨᠼᠢ ᠶ᠋ᠢ ᠡᠮᠦᠨᠡᠭᠣᠪᠢ ᠠᠶᠢᠮᠠᠭ ᠤ᠋ᠨ ᠴᠣᠭᠲᠤᠴᠡᠴᠡᠢ ᠰᠤᠮᠤ ᠶ᠋ᠢᠨ ᠨᠤᠲᠤᠭ ᠲᠤ ᠣᠷᠤᠰᠢᠬᠤ “ᠡᠷᠳᠡᠨᠢᠰ-ᠲᠠᠪᠤᠨᠲᠣᠯᠤᠭᠠᠢ” ᠬᠻ-ᠨᠢᠢ ᠨᠡᢉᠦᠷᠡᠰᠦ ᠪᠠᠶᠠᠵᠢᠭᠤᠯᠬᠤ ᠦᠢᠯᠡᠳᠪᠦᠷᠢ ᠶ᠋ᠢᠨ ᠳᠡᠷᢉᠡᠳᠡ ᠪᠠᠷᠢᠵᠤ ᠪᠠᠶᠢᠭᠤᠯᠬᠤ ᠪᠠᠷ ᠲᠥᠯᠦᠪᠯᠡᠵᠦ ᠪᠠᠶᠢᠨᠠ᠃ ᠲᠠᠪᠤᠨᠲᠣᠯᠤᠭᠠᠢ ᠶ᠋ᠢᠨ ᠴᠠᢈᠢᠯᠭᠠᠨ ᠰᠲ᠋ᠠᠨ᠋ᠼᠢ ᠶ᠋ᠢ ᠪᠠᠷᠢᠬᠤ ᠲᠠᠯᠠᠪᠠᠢ ᠨᠢ ᠶᠡᢈᠡ ᠱᠠᠩᠬᠤ ᠶ᠋ᠢᠨ ᠠᠭᠤᠯᠠᠰ ᠤ᠋ᠨ ᠪᠠᠷᠠᠭᠤᠨ ᠲᠡᢉᠦᠰᢈᠡᠯ ᠳ᠋ᠦ ᠪᠡᠰᠡᠷᠡᢉ ᠠᠭᠤᠯᠠ᠂ ᠴᠠᠪ ᠲᠣᠯᠤᠭᠠᠢ ᠨᠤᠭᠤᠳ ᠢ᠋ᠢᠠᠷ ᢈᠦᠷᠢᠶᠡᠯᠡᢉᠳᠡᢉᠰᠡᠨ ᠠᠭᠤᠯᠠᠰ ᠬᠣᠭᠤᠷᠤᠨᠳᠤ ᠶ᠋ᠢᠨ ᠥᠷᢉᠡᠨ ᠠᠭᠤᠳᠠᠮ ᢈᠥᠨᠳᠡᠢ ᠶ᠋ᠢᠨ ᠵᠡᢉᠦᠨ ᠤᠷᠳᠤ ᢈᠡᠰᠡᢉ ᠲᠦ ᠨᠠᠮ ᠥᠨᠳᠦᠷ ᠲᠡᠢ ᠠᠭᠤᠯᠠᠰ ᠤ᠋ᠨ ᠪᠠᠷᠠᠭᠤᠨ ᠬᠣᠶᠢᠰᠢ ᠰᠤᠨᠵᠤ ᠲᠣᠭᠲᠠᠭᠰᠠᠨ ᠤᠬᠠᠭᠠ ᢉᠦᠪᠡᢉᠡ ᠲᠣᠯᠤᠭᠠᠢ ᠨᠤᠭᠤᠳ ᠤ᠋ᠨ ᠪᠠᠷᠠᠭᠤᠨ ᠬᠠᠵᠠᠭᠤᠳᠠ᠂ᠤᠷᠳᠤ ᠠ᠋ᠴᠠ ᠬᠣᠶᠢᠰᠢ ᠨᠡᠯᠢᠶᠡᠳ ᠨᠠᠯᠠᠭᠤ ᠲᠣᠭᠲᠠᠴᠠ ᠲᠠᠢ᠂ ᠵᠢᢉᠳᠡ ᠪᠢᠰᠢ ᠭᠠᠳᠠᠷᠭᠤ ᠲᠠᠢ ᠲᠠᠯᠠᠪᠠᠢ ᠳ᠋ᠤ ᠪᠠᠶᠢᠷᠢᠯᠠᠨᠠ᠃ ᠲᠠᠯᠠᠪᠠᠢ ᠶ᠋ᠢᠨ ᢈᠡᠮᠵᠢᠶ ᠡᠨ ᠳ᠋ᠦ ᠥᠨᠳᠦᠷᠵᠢᠯᠲᠡ ᠨᠢ ᠳᠠᠯᠠᠢ ᠶ᠋ᠢᠨ ᠲᠦᠪᠰᠢᠨ ᠡᠴᠡ ᠑᠕᠐᠐᠂᠐- ᠑᠕᠒᠐᠂᠐ ᠮ-ᠡᠶᠢᠨ ᠬᠣᠭᠤᠷᠤᠨᠳᠤ ᢈᠡᠯᠪᠡᠯᠵᠡᠨᠡ᠃
.png)