MN
Хаах
MN

ᠳᠡᠳ ᠪᠦᠲᠦᠴᠡ

ᠮᠣᠩᠭᠣᠯ-ᢈᠢᠲᠠᠳ ᠤ᠋ᠨ ᢈᠢᠯᠢ ᠡᠴᠡ ᠭᠠᠰᠢᠭᠤᠨ ᠰᠤᠬᠠᠶᠢᠲᠤ ᢈᠦᠷᢈᠦ ᠵᠠᠮ ᠳ᠋ᠤ ᠪᠠᠨ ᠴᠣᠭᠲᠤᠴᠡᠴᠡᠢ᠂ ᠪᠠᠶᠠᠨ ᠣᠪᠤᠭ᠎ᠠ᠂ ᠬᠠᠨᠪᠣᠭᠳᠠ ᠰᠤᠮᠤ ᠪᠠᠷ ᠳᠠᠭᠠᠷᠢᠨ ᠥᠩᢉᠡᠷᠡᠳᠡᢉ ᠲᠡᠮᠦᠷ ᠵᠠᠮ ᠲᠠᠢ᠃  ᠲᠡᠮᠦᠷ ᠵᠠᠮ ᠤ᠋ᠨ ᠨᠡᠶᠢᠲᠡ ᠤᠷᠲᠤ ᠨᠢ ᠒᠒᠕ᠻᠮ ᢉᠡᠵᠦ ᠲᠣᠭᠠᠴᠠᠳᠠᠭ ᠪᠥᢉᠡᠳ ᠠᠭᠤᠷᠬᠠᠢ ᠨᠤᠭᠤᠳ ᠤ᠋ᠨ ᠣᠶᠢᠷᠠᠯᠴᠠᠭ᠎ᠠ ᠑᠐ᠻᠮ ᠠᠴᠢᠬᠤ ᠥᠷᠲᠡᢉᠡ ᠲᠡᠢ᠃ ᠴᠣᠭᠲᠤᠴᠡᠴᠡ ᠶ᠋ᠢᠨ ᠣᠶᠢᠷᠠᠯᠴᠠᠭ᠎ᠠ ᠤᠯᠠᠭᠠᠨᠪᠠᠭᠠᠲᠤᠷ ᠲᠤ ᠠ᠋ᠴᠠ ᠠᠵᠢᠯ ᠤ᠋ᠨ ᠬᠤᠪᠢᠶᠠᠷᠢ ᠶ᠋ᠢᠨ ᠳᠠᠭᠠᠭᠤ ᠪᠤᠴᠠᠵᠤ ᠢᠷᠡᢈᠦ ᠠᠭᠤᠷᠬᠠᠢ ᠶ᠋ᠢᠨ ᠠᠵᠢᠯᠴᠢᠳ ᠢ᠋ ᠲᠡᢉᠡᢉᠡᠪᠦᠷᠢᠯᠡᢈᠦ ᠨᠢᠰᢈᠦ ᠵᠤᠷᠪᠤᠰ ᠲᠠᠢ᠃  ᠴᠣᠭᠲᠤᠴᠡᠴᠡᠢ-ᠤᠯᠠᠭᠠᠨᠪᠠᠭᠠᠲᠤᠷ ᠤ᠋ᠨ ᠬᠣᠭᠤᠷᠤᠨᠳᠤ ᠑᠒-᠑᠕ ᠴᠠᠭ᠂ ᢈᠢᠲᠠᠳ ᠤ᠋ᠨ ᢈᠢᠯᠢ ᢈᠦᠷᠲᠡᠯ᠎ᠡ ᠗-᠑᠐ ᠴᠠᠭ ᠶᠠᠪᠤᠬᠤ ᠠᠦ᠋ᠲ᠋ᠣ᠋ ᠵᠠᠮ ᠲᠠᠢ᠃