MN
Хаах
MN

ᢉᠦᠢᠴᠡᠳᢈᠡᢈᠦ ᠵᠠᢈᠢᠷᠤᠯ ᠤ᠋ᠨ ᠮᠡᠨᠳᠦᠴᠢᠯᠡᢉᠡ

“ᠲᠠᠪᠤᠨᠲᠤᠯᠤᠭᠠᠢ ᠳᠤᠯᠠᠭᠠᠨ ᠤ᠋ ᠴᠠᢈᠢᠯᠭᠠᠨ ᠰᠲ᠋ᠠᠨᠼᠢ” ᠲᠥᢈᠦᢈᠡᠻ-ᠡᠶᠢᠨ ᠦᠢᠯᠡ ᠠᠵᠢᠯᠯᠠᠭ᠎ᠠ ᠲᠠᠢ ᠲᠠᠨᠢᠯᠴᠠᠬᠤ ᠪᠠᠷ ᠮᠠᠨ ᠤ᠋ ᠪᠠᠶᠢᠭᠤᠯᠤᠯᠭ᠎ᠠ ᠶ᠋ᠢᠨ ᠨᠢᠭᠤᠷ ᠬᠠᠭᠤᠳᠠᠰᠤᠨ ᠳ᠋ᠤ ᠵᠣᠴᠢᠯᠠᠵᠤ ᠪᠤᠢ ᠲᠠᠨ ᠳ᠋ᠤ ᠲᠠᠯᠠᠷᠬᠠᠯ ᠢᠯᠡᠷᢈᠡᠶᠢᠯᠡᠶ᠎ᠡ᠃

ᠮᠣᠩᠭᠤᠯ ᠤᠯᠤᠰ ᠤ᠋ᠨ ᠡᠳ᠋ ᠦ᠋ᠨ ᠵᠠᠰᠠᠭ ᠡᠷᠴᠢᠮᠵᠢᢈᠦ ᢈᠥᢉᠵᠢᠯ ᠦ᠋ᠨ ᠲᠡᠦᢈᠡᠨ ᠴᠠᠭ ᠬᠤᠭᠤᠴᠠᠭ᠎ᠠ ᠲᠠᠢ ᠤᠷᠤᠯᠳᠤᠭᠰᠠᠨ ᠡᠨᠡ ᠦᠶ᠎ᠡ ᠳ᠋ᠦ Mᠣᠩᠭᠤᠯ ᠤᠯᠤᠰ ᠤ᠋ᠨ ᠵᠠᠰᠠᠭ ᠤ᠋ᠨ ᠭᠠᠵᠠᠷ ᠤ᠋ᠨ ᠲᠣᠭᠲᠠᠭᠠᠯ ᠢ᠋ᠶᠠᠷ ᠡᠮᠦᠨ᠎ᠡ ᠶ᠋ᠢᠨ ᠪᠦᠰᠡ ᠶ᠋ᠢᠨ ᠰᠲ᠋ᠷᠠᠲ᠋ᠧᢉᠢ ᠶ᠋ᠢᠨ ᠠᠴᠢ ᠬᠣᠯᠪᠤᠭᠳᠠᠯ ᠲᠠᠢ ᠠᠭᠤᠯᠠ ᠠᠭᠤᠷᠬᠠᠢ ᠶ᠋ᠢᠨ ᠪᠦᠰᠡ ᠨᠤᠲᠤᠭ ᠢ᠋ ᠲᠠᠰᠤᠷᠠᠯᠲᠠ ᠦᢉᠡᠢ᠂ᠨᠠᠶᠢᠳᠠᠪᠤᠷᠢᠲᠠᠢ ᠡᠷᠴᠢᠮ ᢈᠦᠴᠦ ᠪᠡᠷ ᠬᠠᠩᠭᠠᠬᠤ ᠲᠠᠪᠤᠨᠲᠣᠯᠤᠭᠠᠢ ᠳᠤᠯᠠᠭᠠᠨ ᠤ᠋ ᠴᠠᢈᠢᠯᠭᠠᠨ ᠰᠲ᠋ᠠᠨ᠋ᠼᠢ ᠲᠥᠰᠦᠯ ᠢ᠋ ᢈᠡᠷᠡᢉᠵᠢᢉᠦᠯᢈᠦ᠂ ᠶᠡᢈᠡ ᠪᠦᠲᠦᢉᠡᠨ ᠪᠠᠶᠢᠭᠤᠯᠤᠯᠲᠠ ᠶ᠋ᠢᠨ ᠠᠵᠢᠯ ᠢ᠋ ᠡᠷᠴᠢᠮᠵᠢᢉᠦᠯᢈᠦ ᠪᠡᠷ “ᠲᠠᠪᠤᠨᠲᠤᠯᠤᠭᠠᠢ ᠳᠤᠯᠠᠭᠠᠨ ᠤ᠋ ᠴᠠᢈᠢᠯᠭᠠᠨ ᠰᠲ᠋ᠠᠨᠼᠢ” ᠲᠥᢈᠦᢈᠦ᠋ᠻ ᠪᠠᠶᠢᠭᠤᠯᠤᠭᠳᠠᠨ ᠦᠢᠯᠡ ᠠᠵᠢᠯᠯᠠᠭ᠎ᠠ ᠪᠠᠨ ᠡᠷᠴᠢᠮᠲᠡᠢ ᠶᠠᠪᠤᠭᠤᠯᠵᠤ ᠡᢈᠢᠯᠡᢉᠡᠳ ᠪᠠᠶᠢᠨ᠎ᠠ᠃

ᠡᠷᠴᠢᠮ ᢈᠦᠴᠦᠨ ᠦ᠋ ᠰᠠᠯᠪᠤᠷᠢ ᠡᢉᠦᠰᠴᠦ ᢈᠥᢉᠵᠢᢉᠰᠡᠨ ᠦ᠋ ᠲᠡᠦᢈᠡᠲᠦ ᠙᠙ ᠵᠢᠯ ᠦ᠋ᠨ ᠣᠢ ᠶ᠋ᠢᠨ ᠪᠣᠰᠬᠠᠨ ᠳᠡᢉᠡᠷ᠎ᠡ ᠳᠤᠯᠠᠭᠠᠨ ᠤ᠋ ᠴᠠᢈᠢᠯᠭᠠᠨ ᠰᠲ᠋ᠠᠨ᠋ᠼᠢ ᠶ᠋ᠢᠨ ᠶᠡᢈᠡ ᠪᠦᠲᠦᢉᠡᠨ ᠪᠠᠶᠢᠭᠤᠯᠤᠯᠲᠠ ᠶ᠋ᠢᠨ ᠦᠢᠯᠡ ᠠᠵᠢᠯᠯᠠᠭ᠎ᠠ ᠪᠠᠨ ᠡᢈᠢᠯᠡᢉᠦᠯᠦᢉᠰᠡᠨ ᠮᠠᠨ ᠤ᠋ ᠻᠣᠮᠫᠠᠨᠢ ᠨᠢ ᠮᠣᠩᠭᠣᠯ ᠤᠯᠤᠰ ᠤ᠋ᠨ ᠤᠷᠲᠤ ᠬᠤᠭᠤᠴᠠᠭᠠᠨ ᠤ᠋ ᢈᠥᢉᠵᠢᠯ ᠦ᠋ᠨ ᠪᠣᠳᠤᠯᠭ᠎ᠠ ᠶ᠋ᠢᠨ ᢈᠦᠷᠢᠶᠡᠨ ᠳ᠋ᠦ ᠬᠤᠪᠢᠴᠠᠭ᠎ᠠ ᠡᠵᠡᠮᠰᠢᢉᠴᠢ ᠶ᠋ᠢᠨ ᠡᠷᢈᠡ ᠶ᠋ᠢ ᢈᠡᠷᠡᢉᠵᠢᢉᠦᠯᠦᢉᠴᠢ ᠪᠤᠰᠤᠳ ᠲᠥᠷᠦ ᠶ᠋ᠢᠨ ᠪᠠᠶᠢᠭᠤᠯᠤᠯᠭ᠎ᠠ ᠨᠤᠭᠤᠳ ᠲᠠᠢ ᠪᠣᠳᠤᠯᠭ᠎ᠠ ᠶ᠋ᠢᠨ ᠲᠦᠪᠰᠢᠨ ᠳ᠋ᠦ ᠤᠶᠠᠯᠳᠤᠭ᠎ᠠ ᠬᠣᠯᠪᠤᠭᠠᠲᠠᠢ ᠠᠵᠢᠯᠯᠠᠵᠤ ᠡᠮᠦᠨ᠎ᠡ ᠶ᠋ᠢᠨ ᠪᠦᠰᠡ ᠶ᠋ᠢᠨ ᠰᠲ᠋ᠷᠠᠲ᠋ᠧᢉᠢ ᠶ᠋ᠢᠨ ᠥᠨᠳᠦᠷ ᠠᠴᠢ ᠬᠣᠯᠪᠤᠭᠳᠠᠯ ᠪᠦᢈᠦᠢ ᠣᠶᠤᠲᠤᠯᠤᠭᠠᠢ᠂ᠲᠠᠪᠤᠨᠲᠣᠯᠤᠭᠠᠢ᠂ ᠴᠠᠭᠠᠨᠰᠤᠪᠤᠷᠠᠭ᠎ᠠ᠂ ᠡᠷᠳᠡᠨᠢᠰ ᠲᠠᠪᠤᠨᠲᠤᠯᠭ᠎ᠠ ᠶ᠋ᠢᠨ ᠨᠡᢉᠦᠷᠡᠰᠦ ᠪᠠᠶᠠᠵᠢᠭᠤᠯᠬᠤ ᠦᠶᠢᠯᠡᠳᠪᠦᠷᠢ ᠵᠡᠷᢉᠡ ᠣᠷᠳᠤ ᠭᠠᠵᠠᠷ ᠤ᠋ᠳ ᠤ᠋ᠨ ᠡᠷᠴᠢᠮ ᢈᠦᠴᠦᠨ ᠦ᠋ ᢈᠡᠷᠡᢉᠴᠡᢉᠡ ᠶ᠋ᠢ ᠳᠣᠲᠤᠭᠠᠳᠤ ᠶ᠋ᠢᠨ ᠡᢈᠢ ᠡᢉᠦᠰᠪᠦᠷᠢ ᠪᠡᠷ ᠪᠦᠷᠢᠨ ᠬᠠᠩᠭᠠᠵᠤ ᠪᠩᠬᠠᠭᠤ-ᠰ ᠢᠮᠫᠣᠷᠲ᠋ᠯᠠᠳᠠᠭ ᠡᠷᠴᠢᠮ ᢈᠦᠴᠦᠨ ᠦ᠋ ᢈᠡᠷᠡᢉᠯᠡᢉᠡ ᠶ᠋ᠢ ᠪᠠᠭᠠᠰᠬᠠᠬᠤ᠂ᠭᠠᠳᠠᠭᠰᠢ ᠪᠠᠨ ᠴᠢᢉᠯᠡᢉᠰᠡᠨ ᠸᠠᠯᠦ᠋ᠲ ᠤ᠋ᠨ ᠤᠷᠤᠰᠬᠠᠯ ᠢ᠋ ᠳᠣᠲᠤᠭᠠᠳᠤ ᠳ᠋ᠠᠭᠠᠨ ᠦᠯᠡᠳᠡᢉᠡᢈᠦ ᠵᠣᠷᠢᠯᠭ᠎ᠠ ᠲᠠᠢ ᠠᠵᠢᠯᠯᠠᠵᠤ ᠪᠠᠶᠢᠨ᠎ᠠ᠃

ᠮᠠᠨ ᠤ᠋ ᠻᠣᠮᠫᠠᠨᠢ ᠨᠢ ᠣᠯᠠᠨ ᠵᠢᠯ ᠦ᠋ᠨ ᠲᠤᠷᠰᠢᠯᠭᠠᠲᠠᠢ᠂ ᠮᠡᠷᢉᠡᠵᠢᠯ ᠦ᠋ᠨ᠂ ᢈᠥᠳᠡᠯᠮᠦᠷᠢᠴᠢ᠂ ᠨᠠᠶᠢᠷᠰᠠᠭ ᠬᠠᠮᠲᠤ ᠣᠯᠠᠨ ᠢ᠋ᠶᠠᠷ ᠪᠠᠭ ᠢ᠋ᠶᠠᠨ ᠪᠦᠷᠢᠳᠦᢉᠦᠯᠦᢉᠰᠡᠨ ᠪᠥᢉᠡᠳ ᠴᠠᠭᠠᠰᠢᠳᠠ ᠳᠤᠯᠠᠭᠠᠨ ᠤ᠋ ᠴᠠᢈᠢᠯᠭᠠᠨ ᠰᠲ᠋ᠠᠨᠼᠢ ᠶ᠋ᠢᠨ ᠪᠦᠲᠦᢉᠡᠨ ᠪᠠᠶᠢᠭᠤᠯᠤᠯᠲᠠ ᠶ᠋ᠢᠨ ᠠᠵᠢᠯ ᠢ᠋ ᠡᠷᠴᠢᠮᠵᠢᢉᠦᠯᠵᠦ᠂ ᠡᠳ᠋ ᠦ᠋ᠨ ᠵᠠᠰᠠᠭ ᠤ᠋ᠨ ᠣᠯᠠᠨ ᠲᠤᠯᠭᠠᠭᠤᠷᠲᠤ ᢈᠥᢉᠵᠢᠯ ᠦ᠋ᠨ ᠪᠣᠳᠤᠯᠭ᠎ᠠ ᠲᠡᢉᠦᠨ ᠦ᠋ ᢈᠡᠷᠡᢉᠵᠢᠯᠲᠡ ᠶ᠋ᠢ ᠬᠠᠩᠭᠠᠬᠤ᠂ ᠣᠯᠠᠨ ᠤᠯᠤᠰ ᠤ᠋ᠨ ᠱᠠᠭᠠᠷᠳᠠᠯᠭ᠎ᠠ ᠳ᠋ᠤ ᠨᠡᠶᠢᠴᠡᢉᠰᠡᠨ ᠪᠠᠶᠢᠭᠠᠯᠢ ᠳ᠋ᠤ ᠡᢉᠡᠯᠢᠲᠡᠢ ᠲᠣᠨᠤᠭ ᠲᠥᢈᠦᢉᠡᠷᠦᠮᠵᠢ ᠪᠦᢈᠦᠢ᠂ ᠨᠠᠶᠢᠳᠠᠪᠤᠷᠢᠲᠠᠢ᠂ ᠲᠠᠰᠤᠷᠠᠯᠲᠠ ᠦᢉᠡᠢ ᠠᠵᠢᠯᠯᠠᠬᠤ ᠴᠠᢈᠢᠯᠭᠠᠨ ᠡᠷᠴᠢᠮ ᢈᠦᠴᠦᠨ ᠦ᠋ ᠡᢉᠦᠰᠪᠦᠷᠢ ᠶ᠋ᠢ ᠪᠤᠢ ᠪᠣᠯᠭᠠᠵᠤ ᠴᠢᠳᠠᠨ᠎ᠠ ᢉᠡᠳᠡᢉ ᠲᠦ ᠪᠡᠨ ᠪᠠᠲᠤ ᠢᠲᠡᢉᠡᠯ ᠲᠡᠢ ᠪᠠᠶᠢᠨ᠎ᠠ᠃

ᠡᠨᠡ ᢈᠦ ᠵᠠᠪᠰᠢᠶᠠᠨ ᠢ᠋ ᠠᠰᠢᠭᠯᠠᠨ ᠡᢈᠡ ᠣᠷᠤᠨ ᠤ᠋ ᠪᠠᠨ ᢈᠥᢉᠵᠢᠯ᠂ ᠳᠡᠪᠰᠢᠯ ᠳ᠋ᠦ ᠴᠢᠬᠤᠯᠠ ᠬᠤᠪᠢ ᠨᠡᠮᠡᠷᠢ ᠣᠷᠤᠭᠤᠯᠬᠤ ᠠᠵᠤ ᠦᠢᠯᠡᠳᠪᠦᠷᠢ ᠶ᠋ᠢᠨ ᠲᠣᠮᠤᠬᠠᠨ ᠪᠦᠲᠦᢉᠡᠨ ᠪᠠᠶᠢᠭᠤᠯᠤᠯᠲᠠ ᠶ᠋ᠢ ᠪᠢᠳᠡᠨ ᠲᠡᠢ ᠬᠠᠮᠲᠤ ᠪᠦᠲᠦᢉᠡᠯᠴᠡᠵᠦ ᠪᠠᠶᠢᠭ᠎ᠠ ᠪᠣᠯᠤᠨ ᠢᠷᠡᢉᠡᠳᠦᠢ ᠳ᠋ᠦ ᠬᠠᠮᠲᠤᠷᠠᠨ ᠠᠵᠢᠯᠯᠠᠬᠤ ᠪᠠᠶᠢᠭᠤᠯᠤᠯᠭ᠎ᠠ ᠬᠠᠮᠲᠤ ᠣᠯᠠᠨ ᠲᠠ ᠪᠦᢈᠦᠨ ᠳ᠋ᠦ ᠠᠵᠢᠯ ᠤ᠋ᠨ ᠥᠨᠳᠦᠷ ᠠᠮᠵᠢᠯᠲᠠ ᢈᠦᠰᠡᠶ᠎ᠡ!

«ᠲᠠᠪᠤᠨᠲᠤᠯᠤᠭᠠᠢ ᠳᠤᠯᠠᠭᠠᠨ ᠤ᠋ ᠴᠠᢈᠢᠯᠭᠠᠨ ᠰᠲ᠋ᠠᠨᠼᠢ» ᠲᠥᢈᠦᢈᠡᠻ-ᠡᠶᠢᠨ ᢉᠦᠢᠴᠡᠳᢈᠡᢈᠦ ᠵᠠᢈᠢᠷᠤᠯ ᠭᠠ᠃ ᠲᠩᠷᠢ ᠪᠠᠨ